ᠤᠮᠠᠷᠠᠲᠤ ᠬᠢᠯᠢ ᠎ ᠶᠢᠨ  ᠰᠤᠶᠤᠯ  — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ — ᠬᠠᠷ᠎ᠠ ᠳᠥᠷᠪᠡᠯᠵᠢᠨ ᠰᠢᠯᠢ ᠶᠢᠨ ᠣᠷᠣᠢ ᠶᠢᠨ ᠣᠪᠣᠭ᠎ᠠ
ᠨᠡᠶᠢᠲᠡᠯᠡᠭᠰᠡᠨ ᠴᠠᠭ᠄
2025/4/22
     ᠠᠯᠳᠠᠨᠰᠢᠷᠡᠭᠡ ᠪᠠᠯᠭᠠᠰᠤᠨ ᠠᠴᠠ ᠬᠤᠶᠢᠰᠢ ᠪᠤᠷᠭᠠᠰᠤᠲᠠᠢ ᠶᠢᠨ ᠭᠤᠣᠯ ᠤᠨ ᠣᠶᠢᠷᠠᠯᠴᠠᠭ᠎ᠠ ᠴᠠᠭᠠᠨ ᠳᠦᠷᠪᠠᠯᠵᠢᠨ ᠰᠢᠯᠢ ᠶᠢᠨ ᠣᠷᠣᠢ ᠪᠠ ᠬᠠᠷ᠎ᠠ ᠳᠥᠷᠪᠡᠯᠵᠢᠨ ᠰᠢᠯᠢ ᠶᠢᠨ ᠣᠷᠣᠢ ᠭᠡᠵᠤ ᠬᠤᠶᠠᠷ ᠦᠨᠳᠦᠷᠭᠡᠨ ᠣᠷᠣᠢ ᠪᠠᠶᠢᠳᠠᠭ᠃ ᠬᠠᠷ᠎ᠠ ᠳᠥᠷᠪᠡᠯᠵᠢᠨ ᠰᠢᠯᠢ ᠶᠢᠨ ᠣᠷᠣᠢ ᠭᠡᠵᠤ ᠬᠠᠷ᠎ᠠ ᠰᠢᠪᠠᠭ ᠣᠷᠭᠤᠭᠰᠠᠨ ᠰᠢᠯᠢ  ᠶᠢᠨ ᠣᠷᠣᠢ ᠶᠢ ᠬᠡᠯᠡᠵᠦ ᠪᠠᠶᠢᠬᠤ ᠰᠢᠨᠵᠢ ᠲᠠᠢ᠃     ᠤᠵᠠᠭᠤᠷ ᠲᠤ ᠳᠠᠮᠪᠡᠰᠡᠯᠵᠢᠳ ᠭᠡᠳᠡᠭ ᠬᠦᠮᠤᠨ ᠵᠡᠭᠦᠨᠭᠠᠷ ᠵᠣᠣ ᠶᠢᠨ ᠭᠡᠭᠡᠨ ᠢ ᠵᠠᠯᠠᠵᠤ ᠡᠨᠡ ᠣᠷᠣᠢ ᠳᠡᠭᠡᠷ᠎ᠡ ᠱᠠᠩ ᠳᠠᠷᠤᠨ ᠳᠡᠭᠡᠷ᠎ᠡ ᠨᠢ ᠡᠨᠡ ᠬᠦ ᠣᠪᠣᠭ᠎ᠠ ᠎ ᠶᠢ ᠪᠤᠰᠬᠠᠭᠰᠠᠨ ᠭᠡᠳᠡᠭ᠃ ᠰᠡᠭᠦᠯᠡᠷ ᠨᠢ ᠰᠠᠷᠠᠨᠭᠡᠷᠡᠯ ᠭᠡᠰᠡᠨ ᠬᠦᠮᠤᠨ ᠴᠠᠭᠠᠨ ᠰᠠᠷ᠎ᠠ ᠶᠢᠨ ᠰᠢᠨ᠎ᠡ ᠶᠢᠨ ᠭᠤᠷᠪᠠᠨ ᠳᠤ ᠳᠠᠬᠢᠵᠤ ᠪᠠᠶᠢᠵᠠᠢ᠃ ᠲᠡᠭᠦᠨ ᠠᠴᠠ ᠣᠶᠢᠷᠬᠠᠨ ᠪᠠᠰᠠ ᠬᠤᠯᠪᠣᠭᠠᠯᠵᠢ ᠶᠢᠨ ᠣᠪᠣᠭ᠎ᠠ ᠭᠡᠵᠦ ᠪᠣᠢ᠃                 ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ