︽ᠬᠥᠭᠵᠢᠶᠡᠨ ᠲᠠᠢ︾ ᠶᠠᠪᠤᠭᠳᠠᠭᠰᠠᠨ Depseek᠎ ᠤᠨ ᠪᠣᠯᠪᠠᠰᠤᠷᠠᠯ
ᠨᠡᠶᠢᠲᠡᠯᠡᠭᠰᠡᠨ ᠴᠠᠭ᠄
2025/3/25
       ᠤᠶᠢᠷ᠎ᠠ ᠳᠤ᠂ ᠡᠵᠡᠨ ᠬᠤᠷᠤᠭ᠎ᠠ ᠬᠤᠰᠢᠭᠤᠨ ᠤ ᠠᠵᠢᠯᠴᠢᠨ ᠤ ᠶᠡᠷᠦᠩᠬᠡᠢ ᠡᠪᠯᠡᠯ ᠠᠴᠠ ᠭᠤᠣᠯᠯᠠᠨ ᠡᠷᠬᠢᠯᠡᠭᠰᠡᠨ ︽ᠠᠵᠢᠯᠴᠢᠨ ᠤ ᠡᠪᠯᠡᠯ ᠲᠠᠪᠴᠠᠩ ᠪᠠᠶᠢᠭᠤᠯᠵᠤ᠂ AI ᠡᠨᠧᠷᠭᠢ ᠣᠯᠭᠤᠬᠤ︾ ᠪᠦᠬᠦ ᠬᠤᠰᠢᠭᠤᠨ ᠤ ᠠᠵᠢᠯᠲᠠᠨ ᠠᠵᠢᠯᠴᠢᠨ ᠤ Deepseek ᠵᠣᠬᠢᠶᠠᠮᠠᠯ ᠣᠶᠤᠨ ᠴᠢᠳᠠᠪᠤᠷᠢ ᠶᠢᠨ ᠮᠡᠷᠭᠡᠵᠢᠯ ᠤᠨ ᠬᠡᠷᠡᠭᠯᠡᠭᠡᠨ ᠤ ᠲᠤᠰᠬᠠᠢ ᠰᠡᠳᠦᠪᠲᠦ ᠪᠣᠯᠪᠠᠰᠤᠷᠠᠯ ᠠᠮᠵᠢᠯᠲᠠ ᠲᠠᠢ ᠲᠡᠭᠦᠰᠴᠦ᠂ ᠪᠦᠬᠦ ᠬᠤᠰᠢᠭᠤᠨ ᠤ ᠠᠵᠢᠯᠲᠠᠨ ᠠᠵᠢᠯᠴᠢᠨ ᠳᠤ ᠨᠢᠭᠡ ᠤᠳᠠᠭᠠᠨ ᠤ ᠪᠦᠷᠢᠨ ᠪᠦᠲᠦᠨ ᠰᠢᠨᠵᠢᠯᠡᠬᠦ ᠤᠬᠠᠭᠠᠨ ᠮᠡᠷᠭᠡᠵᠢᠯ ᠤᠨ ᠦᠪᠡᠳᠡᠭᠰᠢ ᠳᠠᠶᠢᠯᠠᠯᠭ᠎ᠠ ᠠᠪᠴᠢᠷᠠᠵᠤ᠂ ᠡᠯᠪᠡᠭ ᠦᠷ᠎ᠡ ᠪᠦᠲᠦᠭᠡᠯ ᠣᠯᠣᠭᠰᠠᠨ ᠪᠠᠶᠢᠨ᠎ᠠ᠃      ᠲᠤᠰ ᠤᠳᠠᠭ᠎ᠠ ᠶᠢᠨ ᠪᠣᠯᠪᠠᠰᠤᠷᠠᠯ ᠳᠤ ᠪᠦᠬᠦ ᠬᠤᠰᠢᠭᠤᠨ ᠤ ᠡᠯ᠎ᠡ ᠠᠵᠢᠯ ᠲᠥᠷᠥᠯ ᠤᠨ 500 ᠭᠠᠷᠤᠢ ᠠᠵᠢᠯᠲᠠᠨ ᠠᠵᠢᠯᠴᠢᠨ ᠤᠷᠤᠯᠴᠠᠵᠤ᠂ Depseek᠎ ᠤᠨ ᠬᠦᠷᠢᠶᠡᠨ ᠤ ᠲᠤᠰᠬᠠᠢ ᠮᠡᠷᠭᠡᠵᠢᠯᠲᠡᠨ ᠠᠴᠠ᠂ ᠮᠡᠷᠭᠡᠵᠢᠯ ᠤᠨ ᠦᠨᠳᠦᠰᠦᠯᠡᠯ ᠵᠢᠴᠢ ᠬᠡᠷᠡᠭᠯᠡᠭᠡᠨ ᠤ ᠪᠠᠶᠢᠳᠠᠯ ᠢ ᠭᠦᠨᠵᠡᠭᠡᠢ ᠲᠠᠶᠢᠯᠪᠤᠷᠢᠯᠡᠨ᠂ ᠣᠶᠤᠨᠴᠢ ᠪᠠᠷ ᠠᠯᠪᠠᠯᠠᠬᠤ᠂ ᠲᠤᠭ᠎ᠠ ᠪᠠᠷᠢᠮᠲᠠ ᠶᠢ ᠵᠠᠳᠠᠯᠬᠤ᠂ ᠪᠦᠲᠦᠭᠡᠯᠴᠢ ᠲᠦᠰᠤᠪᠯᠡᠯ ᠬᠢᠬᠦ ᠵᠡᠷᠭᠡ ᠲᠠᠯ᠎ᠠ ᠳᠤ ᠬᠢ ᠬᠡᠷᠡᠭᠯᠡᠭᠡ ᠶᠢ ᠭᠦᠨᠵᠡᠭᠡᠢ ᠪᠥᠭᠡᠳ ᠣᠶᠢᠯᠠᠭᠠᠮᠵᠢᠲᠠᠢ ᠲᠠᠶᠢᠯᠪᠤᠷᠢᠯᠠᠵᠤ᠂ ᠲᠤᠬᠠᠢ ᠶᠢᠨ ᠲᠠᠯᠠᠪᠠᠢ ᠳᠤ ᠠᠵᠢᠯᠲᠠᠨ ᠠᠵᠢᠯᠴᠢᠨ ᠪᠣᠳᠠᠲᠠᠢ ᠦᠢᠯᠡᠳᠦᠯᠭᠡ ᠶᠢᠨ ᠶᠠᠪᠤᠴᠠ ᠳᠤ Depseek᠎ ᠶᠢᠨ ᠭᠡᠷᠡᠭᠯᠡᠯᠳᠡ ᠶᠢᠨ ᠮᠡᠷᠭᠡᠵᠢᠯ ᠢ ᠲᠦᠷᠭᠡᠨ ᠡᠵᠡᠮᠰᠢᠵᠦ᠂ ᠲᠤᠬᠠᠢ ᠶᠢᠨ ᠲᠠᠯᠠᠪᠠᠢ ᠶᠢᠨ ᠰᠤᠷᠤᠯᠴᠠᠯᠭ᠎ᠠ ᠶᠢᠨ ᠠᠭᠤᠷ ᠠᠮᠢᠰᠬᠤᠯ ᠬᠦᠷ ᠬᠦᠭᠵᠢᠶᠡᠨ ᠲᠠᠢ ᠪᠠᠶᠢᠯ᠎ᠠ᠃       ᠲᠤᠰ ᠤᠳᠠᠭᠠᠨ ᠤ ᠪᠣᠯᠪᠠᠰᠤᠷᠠᠯ ᠨᠢ᠂ ᠠᠭᠤᠯᠭ᠎ᠠ ᠶᠢᠨ ᠪᠣᠳᠠᠲᠤ ᠬᠡᠷᠡᠭᠴᠡᠭᠡ ᠪᠠᠷ ᠦᠷᠭᠡᠨ ᠤᠯᠠᠨ ᠪᠤᠯᠪᠠᠰᠤᠷᠠᠯ ᠳᠤ ᠤᠷᠤᠯᠴᠠᠭᠰᠠᠳ ᠤᠨ ᠬᠠᠯᠠᠭᠤᠨ ᠬᠦᠷᠢᠶᠡᠯᠡᠯ ᠢ ᠤᠯᠵᠤ᠂ Depseek᠎ ᠢ ᠡᠳᠦᠷ ᠲᠤᠲᠤᠮ ᠤᠨ ᠠᠵᠢᠯ ᠲᠠᠢ ᠪᠠᠨ ᠠᠭᠤᠰᠤᠯᠴᠠᠭᠤᠯᠤᠨ᠂ ᠠᠵᠢᠯ ᠤᠨ ᠶᠠᠪᠤᠴᠠ ᠪᠠᠨ ᠰᠢᠯᠢᠳᠡᠭᠵᠢᠭᠦᠯᠵᠦ᠂ ᠦᠷ᠎ᠡ ᠪᠦᠲᠦᠮᠵᠢ ᠪᠠᠨ ᠳᠡᠭᠡᠭᠰᠢᠯᠡᠭᠦᠯᠬᠦ ᠪᠠᠷ ᠴᠢᠷᠮᠠᠶᠢᠵᠠᠭᠠᠨ᠂ ᠪᠦᠬᠦ ᠬᠤᠰᠢᠭᠤᠨ ᠤ ᠡᠯ᠎ᠡ ᠠᠵᠢᠯ ᠲᠥᠷᠥᠯ ᠤᠨ ᠲᠣᠭᠠᠴᠢᠯᠠᠭᠰᠠᠨ ᠬᠡᠯᠪᠡᠷᠢ ᠶᠢᠨ ᠬᠤᠪᠢᠷᠠᠯᠲᠠ ᠳᠤ ᠰᠢᠨ᠎ᠡ ᠬᠥᠳᠡᠯᠭᠡᠬᠦ ᠬᠦᠴᠦᠨ ᠣᠯᠭᠤᠭᠰᠠᠨ ᠪᠠᠶᠢᠨ᠎ᠠ᠃                                                                      
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ