ᠠᠯᠳᠠᠨᠰᠢᠷᠡᠭᠡ ᠪᠠᠯᠭᠠᠰᠤᠨ ᠠᠴᠠ ᠬᠤᠶᠢᠰᠢ ᠨᠡᠯᠢᠶᠠᠳ ᠵᠠᠢ ᠲᠠᠢ ᠪᠠᠶᠢᠬᠤ ᠪᠤᠷᠭᠠᠰᠤᠲᠠᠢ ᠶᠢᠨ ᠭᠤᠣᠯ ᠤᠨ ᠡᠬᠢᠨ ᠳᠤ ᠵᠠᠩᠵᠤᠨ ᠪᠠᠭᠠᠲᠤᠷ ᠤᠨ | ᠲᠣᠭᠤᠯᠠᠭ᠎ᠠ ᠮᠠᠯᠠᠭᠠᠢ ᠶᠢᠨ ᠰᠢᠨᠵᠢ ᠲᠠᠢ ᠨᠢᠭᠡ ᠦᠨᠳᠤᠷ ᠣᠷᠣᠢ ᠪᠠᠶᠢᠳᠠᠭ᠃ ᠳᠡᠭᠡᠷ᠎ᠡ ᠨᠢ ᠴᠢᠯᠠᠭᠤ ᠪᠠᠷ ᠪᠣᠰᠬᠠᠭᠰᠠᠨ ᠣᠪᠣᠭ᠎ᠠ ᠪᠣᠢ᠃ ᠲᠡᠭᠦᠨ ᠢ | ᠲᠣᠭᠤᠯᠠᠭ᠎ᠠ ᠶᠢᠨ ᠣᠪᠣᠭ᠎ᠠ ᠭᠡᠳᠡᠭ᠃ | ᠡᠨᠡ ᠣᠪᠣᠭᠠᠨ ᠤ ᠵᠡᠭᠦᠨ ᠪᠠᠷᠠᠭᠤᠨ ᠬᠤᠶᠠᠷ ᠵᠦᠭ ᠲᠤᠨᠢ ᠱᠤᠨᠣᠭᠠᠯᠵᠢ ᠶᠢᠨ ᠣᠪᠣᠭ᠎ᠠ ᠪᠣᠯᠣᠨ ᠱᠣᠷᠤᠩ ᠤᠨ ᠣᠪᠣᠭ᠎ᠠ ᠭᠡᠵᠦ ᠪᠠᠶᠢᠭᠰᠠᠨ ᠭᠡᠨ᠎ᠡ᠃ ᠨᠠᠰᠤᠲᠠᠢ | ᠬᠦᠮᠤᠨ ᠤ ᠬᠡᠯᠡᠬᠦ ᠪᠠᠷ ᠲᠣᠭᠤᠯᠠᠭ᠎ᠠ ᠶᠢᠨ ᠣᠪᠣᠭ᠎ᠠ ᠨᠢ ᠨᠣᠶᠠᠨ ᠵᠡᠷᠭᠡ ᠨᠡᠮᠡᠭᠳᠡᠬᠦ ᠶᠢᠨ ᠰᠢᠨᠵᠢ ᠪᠡᠯᠭᠡ ᠲᠠᠢ᠂ ᠬᠠᠵᠠᠭᠤ ᠳᠠᠬᠢ ᠬᠤᠶᠠᠷ ᠣᠪᠣᠭ᠎ᠠ ᠨᠢ ᠵᠡᠭᠦᠨ ᠪᠠᠷᠠᠭᠤᠨ | ᠭᠠᠷ ᠤᠨ ᠲᠤᠰᠠᠯᠡᠭ᠌ᠴᠢ ᠶᠢ ᠲᠦᠯᠦᠭᠡᠯᠡᠵᠤ ᠪᠠᠶᠢᠬᠤ ᠰᠠᠨᠠᠭ᠎ᠠ ᠲᠠᠢ᠃ ᠡᠶᠢᠮᠦ ᠠᠴᠠ ᠵᠢᠶᠦ᠋ᠨ ᠸᠠᠩ ᠤᠨ ᠬᠤᠰᠢᠭᠤᠨ ᠠᠴᠠ ᠦᠶ᠎ᠡ ᠶᠢᠨ ᠦᠶ᠎ᠡ ᠰᠠᠶᠢᠨ ᠨᠣᠶᠠᠨ ᠮᠡᠷᠭᠡᠨ | ᠲᠦᠰᠢᠮᠡᠯ ᠭᠠᠷᠬᠤ ᠰᠢᠨᠵᠢ ᠲᠠᠢ ᠪᠠᠶᠢᠭᠰᠠᠨ ᠭᠡᠨ᠎ᠡ᠃ | ᠬᠤᠰᠢᠭᠤ ᠨᠣᠶᠠᠨ ᠡᠳᠤᠷ ᠤᠨ ᠰᠠᠶᠢᠨ ᠢ ᠰᠤᠩᠭᠤᠵᠤ ᠵᠢᠯ ᠪᠣᠯᠭᠠᠨ ᠤ ᠴᠠᠭᠠᠨ ᠰᠠᠷ᠎ᠠ ᠶᠢᠨ ᠰᠢᠨ᠎ᠡ ᠶᠢᠨ ᠭᠤᠷᠪᠠᠨ ᠪᠠ ᠵᠢᠷᠭᠤᠭᠠᠨ ᠰᠠᠷ᠎ᠠ ᠶᠢᠨ ᠠᠷᠪᠠᠨ | ᠭᠤᠷᠪᠠᠨ ᠳᠤ ᠲᠠᠪᠤᠨ ᠰᠠᠭᠠᠯᠢ ᠶᠢᠨ ᠲᠡᠭᠡᠵᠢ᠂ ᠳᠠᠩᠰᠤᠭ ᠢᠳᠡᠭᠡᠨ ᠤ ᠲᠦᠷᠤᠭᠦᠦ ᠪᠠᠷ ᠲᠣᠭᠤᠯᠠᠭ᠎ᠠ ᠶᠢᠨ ᠣᠪᠣᠭ᠎ᠠ ᠪᠠᠨ ᠳᠠᠬᠢᠵᠤ ᠠᠰ ᠤᠨ ᠪᠡᠶ᠎ᠡ ᠶᠢᠨ ᠳᠠᠩᠭᠡᠯᠡᠭᠦᠨ᠂ | ᠠᠯᠲᠠᠨ ᠣᠷᠤᠭ ᠤᠨ ᠲᠠᠶᠢᠵᠢ᠂ ᠠᠯᠪᠠᠲᠤ ᠬᠠᠷᠠᠴᠤᠰ ᠢᠶᠠᠨ ᠳᠠᠭᠠᠳᠬᠠᠭᠳᠠᠭ ᠪᠠᠶᠢᠵᠠᠢ᠃ | | | ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ |