ᠤᠮᠠᠷᠠᠲᠤ ᠬᠢᠯᠢ  ᠶᠢᠨ  ᠰᠤᠶᠤᠯ  — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ —ᠡᠵᠡᠨ ᠬᠤᠷᠤᠭ᠎ᠠ ᠬᠤᠰᠢᠭᠤ
ᠨᠡᠶᠢᠲᠡᠯᠡᠭᠰᠡᠨ ᠴᠠᠭ᠄
2024/8/24
      ᠤᠣᠯ ᠤᠨ ᠶᠡᠭᠡ ᠵᠣᠣ ᠠᠶᠢᠮᠠᠭ ᠤᠨ ᠵᠢᠶᠦ᠋ᠨ ᠸᠠᠩ ᠤᠨ ᠬᠤᠰᠢᠭᠤ ︵郡王旗︶ ᠂ ᠵᠠᠰᠠᠭ ᠬᠤᠰᠢᠭᠤ  ︵札萨克旗︶ ᠶᠢ 1958 ᠣᠨ ᠪ᠊  1 ᠳ᠋ᠦ᠋ᠭᠡᠷ ᠰᠠᠷ᠎ᠠ ᠳᠤ ᠳᠥᠷᠥ ᠶᠢᠨ ᠶᠠᠪᠤᠳᠠᠯ ᠤᠨ ᠬᠤᠷᠢᠶᠠᠨ ᠤ 82 ᠳ᠋ᠤᠭᠠᠷ ᠬᠤᠷᠠᠯ ᠢᠶᠠᠷ ᠨᠡᠶᠢᠯᠡᠬᠦᠯᠬᠦ ᠪᠠᠷ ᠲᠤᠭᠳᠠᠵᠤ ᠲᠦᠷ ᠵᠠᠭᠤᠷ᠎ᠠ ︽  ᠵᠠᠰᠠᠭ᠂ ᠵᠢᠶᠦ᠋ᠨ ᠸᠠᠩ  ᠬᠤᠰᠢᠭᠤ ︵札郡旗︶︾ ᠬᠡᠮᠡᠨ ᠨᠡᠷᠡᠶᠢᠳᠪᠡ᠃ ᠲᠡᠦᠭᠡ ᠶᠢᠨ ᠤᠨᠴᠠᠭᠠᠢ ᠨᠥᠬᠦᠴᠡᠯ ᠪᠠ ᠨᠡᠶᠢᠭᠡᠮ ᠤᠨ ᠪᠤᠰᠤᠳᠴᠢ ᠱᠭᠠᠷᠳᠠᠯᠭ᠎ᠠ ᠠᠴᠠ ᠪᠣᠯᠵᠤ ᠡᠨᠡ ᠬᠤᠶᠠᠷ ᠬᠤᠰᠢᠭᠤ ᠭᠠᠵᠠᠷ ᠬᠤᠳᠠᠯᠳᠤᠭᠰᠠᠨ ᠨᠢ ᠶᠡᠭᠡ ᠂ ᠬᠥᠮᠥᠨ ᠠᠮᠠ ᠴᠦᠭᠡᠨ ᠪᠤᠯᠬᠤᠷ ᠠᠰ ᠢᠶᠠᠷ ᠢᠶᠠᠨ ᠬᠤᠰᠢᠭᠤ ᠪᠤᠯᠬᠤ ᠳᠤ ᠬᠦᠴᠢᠷ ᠪᠠᠶᠢᠵᠠᠢ᠃  ᠲᠤᠬᠠᠢ ᠶᠢᠨ ᠦᠶ᠎ᠡ ᠳᠤ ᠬᠤᠶᠠᠷ ᠬᠤᠰᠢᠭᠤ ᠨᠢ ᠬᠤᠪᠢ ᠬᠤᠪᠢᠨ ᠤ  ᠤᠳᠠᠭᠠᠨ ᠵᠢᠯ ᠲᠠᠭᠤᠳᠠᠭᠰᠠᠭᠠᠷ  ᠵᠤᠷᠰᠢᠭᠰᠠᠨ ᠨᠠᠷ᠎ᠠ ᠪᠠᠨ ᠦᠯᠡᠳᠡᠭᠡᠬᠦ ᠳᠡᠭᠡᠷ᠎ᠡ ᠰᠠᠨᠠᠯ  ᠨᠢᠭᠡᠳᠬᠦ ᠦᠭᠡᠢ  ᠪᠠᠶᠢᠵᠠᠢ᠃ ᠲᠡᠭᠡᠭᠡᠳ ︽ᠤᠯᠠᠭᠠᠨᠮᠦ᠋ᠷᠡᠨ ᠬᠤᠰᠢᠭᠤ︾ ᠭᠡᠮᠡᠨ ᠨᠡᠷᠡᠯᠡᠬᠦ ᠪᠠᠷ ᠪᠤᠳᠣᠯᠬᠢᠯᠠᠭᠰᠠᠨ ᠪᠣᠯᠪᠠᠴᠤ ᠡᠨᠡ ᠬᠤᠶᠠᠷ ᠭᠤᠣᠯ ︵ᠵᠡᠭᠦᠨ ᠤᠯᠠᠭᠠᠨᠮᠦ᠋ᠷᠡᠨ ᠪᠠ ᠪᠠᠷᠠᠭᠤᠨ ᠤᠯᠠᠭᠠᠨᠮᠦ᠋ᠷᠡᠨ︶ ᠨᠢ ᠵᠢᠶᠦ᠋ᠨ ᠸᠠᠩ ᠤᠨ ᠬᠤᠰᠢᠭᠤᠨ ᠤ ᠬᠢᠵᠠᠭᠠᠷ ᠲᠤ ᠪᠠᠶᠢᠬᠤ ᠠᠴᠠ ᠵᠠᠰᠠᠭ ᠬᠤᠰᠢᠭᠤᠨ ᠤ ᠭᠠᠵᠠᠷ ᠢᠶᠠᠷ ᠬᠠᠷᠢᠨ ᠦᠡᠭᠭᠡᠷᠡᠭᠰᠡᠨ ᠦᠬᠡᠢ  ᠲᠤᠯᠠ ᠠᠷᠠᠢ ᠲᠣᠬᠢᠷᠠᠮᠵᠢ ᠦᠬᠡᠢ ᠮᠡᠳᠡᠭᠳᠡᠵᠠᠢ᠃ 1959 ᠣᠨ ᠳᠤ ᠲᠥᠷᠥ ᠶᠢᠨ ᠶᠠᠪᠤᠳᠠᠯ ᠤᠨ ᠬᠤᠷᠢᠶᠠᠨ ᠠᠴᠠ ᠲᠠᠭᠢᠨᠳ᠋ᠨ ᠠᠯᠪᠠᠨ ᠪᠢᠴᠢᠭ ᠪᠠᠭᠤᠯᠭᠠᠨ ︽ᠡᠵᠡᠨ ᠬᠤᠷᠤᠭ᠎ᠠ ᠬᠤᠰᠢᠭᠤ︾ ᠭᠡᠮᠠᠨ ᠨᠡᠷᠡᠶᠢᠳᠴᠡᠢ᠃ ᠢᠩᠭᠢᠵᠦ᠂ ᠨᠡᠷᠡᠯᠡᠭᠰᠡᠨ ᠤ ᠤᠴᠢᠷ ᠨᠢ ᠲᠤᠰ ᠬᠤᠰᠢᠭᠤᠨ ᠤ  ᠭᠠᠵᠠᠷ ᠲᠤ ︽ᠴᠢᠩᠭᠢᠰ ᠬᠠᠭᠠᠨ ᠤ ᠨᠠᠢᠮᠠᠨ ᠴᠠᠭᠠᠨ ᠭᠡᠷ︾ ᠭᠠᠲᠠᠭᠠᠯᠠᠨ ᠲᠠᠬᠢᠭᠰᠠᠨ ︽ᠡᠵᠡᠨ ᠬᠤᠷᠤᠭ᠎ᠠ︾ ᠭᠡᠬᠦ ᠭᠠᠵᠡᠷ ᠪᠠᠶᠢᠬᠤᠯᠠᠷ ᠡᠨᠡ ᠨᠡᠷ᠎ᠡ ᠪᠠᠷ ᠰᠢᠨ᠎ᠡ ᠨᠡᠶᠢᠯᠡᠭᠰᠡᠨ ᠬᠤᠶᠠᠷ ᠬᠤᠰᠢᠭᠤ ᠶᠢ  ᠨᠡᠷᠡᠶᠢᠳᠪᠡᠯ ᠵᠤᠬᠢᠰᠳᠡᠢ ᠬᠡᠮᠡᠵᠡᠢ᠃      ︽ᠡᠵᠡᠨ︾ ᠭᠡᠳᠡᠭ ᠨᠢ ᠴᠢᠩᠭᠢᠰ ᠪᠤᠭᠲᠡ ᠶᠢ ᠵᠢᠭᠠᠵᠤ ︽ᠬᠤᠷᠤᠭ᠎ᠠ︾ ᠭᠡᠳᠡᠭ ᠨᠢ ᠤᠷᠳᠤᠰ ᠲᠤ ᠴᠢᠩᠭᠢᠰ ᠤᠨ ᠰᠢᠳᠦᠭᠡᠨ ᠢ ᠰᠠᠭᠠᠳᠠᠭᠤᠯᠤᠨ ᠳᠠᠬᠢᠵᠤ  ᠪᠠᠶᠢᠭ᠎ᠠ ᠢᠰᠡᠭᠡᠢ ᠭᠡᠷ ᠢ ᠵᠢᠭᠠᠳᠠᠭ᠃  ᠵᠢᠱᠢᠶᠡᠯᠡᠬᠦ ᠳᠤ ᠰᠦᠯᠳ᠋ᠨ ᠶᠢᠨ ᠬᠤᠷᠤᠭ᠎ᠠ ᠂ ᠸᠠᠩ ᠤᠨ ᠬᠤᠷᠤᠭ᠎ᠠ᠂  ᠵᠠᠰᠠᠭ ᠬᠤᠷᠤᠭ᠎ᠠ᠂ ᠵᠢᠯᠤᠭᠤᠨ ᠬᠤᠷᠤᠭ᠎ᠠ ᠂᠂᠂᠂ ᠭᠡᠬᠦ ᠮᠡᠳᠤ᠂᠂ ᠡᠭᠦᠨ ᠠᠴᠠ ᠭᠠᠳᠡᠨ᠎ᠠ ᠸᠠᠩ ᠨᠣᠶᠠᠨ ᠤ ᠰᠠᠭᠤᠵᠤ  ᠪᠠᠶᠢᠭ᠎ᠠ ᠣᠷᠳᠤᠨ ᠢ ᠪᠠᠰᠡ ᠬᠤᠷᠤᠭ᠎ᠠ ᠭᠡᠳᠡᠭ᠂᠂ ᠵᠢᠱᠢᠶᠡᠯᠡᠪᠡᠯ᠂ ᠬᠠᠩᠬᠢᠨ ᠬᠤᠷᠤᠭ᠎ᠠ᠂ ᠰᠢᠳᠤᠷᠭᠤ ᠪᠠᠲᠤ  ᠬᠤᠷᠤᠭ᠎ᠠ ︵ᠵᠣᠰᠣᠳᠤ  ᠶᠢᠨ ᠴᠢᠭᠤᠯᠭᠠᠨ ᠤ ᠲᠦᠮᠡᠳ ᠪᠠᠷᠠᠭᠤᠨ ᠬᠤᠰᠢᠭᠤ︶᠂ ᠬᠦᠩ  ᠤᠨ ᠬᠤᠷᠤᠭ᠎ᠠ  ︵ᠬᠤᠷᠴᠢᠨ ᠵᠡᠭᠦᠨ ᠭᠠᠷᠣᠨ ᠬᠤᠶᠢᠳᠤ ᠬᠤᠰᠢᠭᠤᠨ ᠤ ᠮᠣᠳᠣᠳᠤ ᠰᠣᠮᠤ︶ ᠭᠡᠬᠦ ᠮᠡᠲᠤ᠃ ᠭᠡᠰᠢᠭᠲᠡᠨ  ᠤ ᠲᠠᠪᠤᠨ ᠬᠠᠶᠢᠷᠬᠠᠨ  ᠤ ᠨᠢᠭᠡ  ᠶᠢ ︽ᠬᠤᠷᠤᠭ᠎ᠠ ᠬᠠᠶᠢᠷᠬᠠᠨ︾ ᠭᠡᠳᠡᠭ᠃ ᠬᠠᠩᠬᠢᠨ ᠨᠣᠶᠠᠨ ᠤ ᠣᠳᠣᠷᠯᠠᠨ ᠰᠠᠭᠤᠵᠤ ᠪᠠᠶᠢᠭᠰᠠᠨ  ᠴᠠᠶᠢᠳᠠᠮ ᠢ ︽ᠬᠤᠷᠣᠭᠠᠨᠴᠠᠶᠢᠳᠠᠮ︾ ᠭᠡᠳᠡᠭ᠂᠂ ᠡᠵᠡᠨ ᠬᠤᠷᠤᠭ᠎ᠠ ᠬᠤᠰᠢᠭᠤᠨ ᠤ ᠰᠦᠯᠳᠡ ᠶᠢᠨ ᠬᠤᠷᠤᠭ᠎ᠠ ᠶᠢᠨ ᠬᠢᠵᠠᠭᠠᠷ ᠲᠠᠬᠢ ᠤᠯᠠᠭᠠᠨᠮᠦ᠋ᠷᠡᠨ ᠤ ᠲᠣᠬᠤᠶᠢᠷᠠᠭᠰᠠᠨ ᠭᠡᠰᠡᠭ ᠢ ︽ᠬᠤᠷᠣᠭᠠᠨ ᠲᠣᠬᠤᠢ︾  ᠭᠡᠳᠡᠭ ᠪᠠᠶᠢᠨ᠎ᠠ᠃     ᠲᠡᠦᠬᠡᠨ ᠲᠡᠮᠳᠡᠭᠯᠡᠯ ᠠᠴᠠ ᠦᠵᠡᠪᠡᠯ ︽ᠡᠵᠡᠨ︾ ᠭᠡᠳᠡᠭ ᠦᠭᠡ ᠤᠮᠠᠷᠠᠲᠤ ᠶᠤᠸᠠᠨ ᠤᠯᠤᠰ  ᠤᠨ ᠦᠶ᠎ᠡ ᠳᠤ ᠠᠩᠬ᠎ᠠ ᠭᠠᠷᠴᠤ ᠢᠷᠡᠵᠡᠢ᠃ ᠡᠨᠡ ᠦᠶ᠎ᠡ ᠪᠠᠷ ᠭᠠᠷᠴᠤ ᠪᠠᠶᠢᠭᠰᠠᠨ ᠪᠢᠴᠢᠭ ᠬᠠᠷ᠎ᠠ ᠳᠤ ᠴᠢᠩᠭᠢᠰ ᠤᠨ ᠨᠠᠢᠮᠡᠨ ᠴᠠᠭᠠᠨ ᠭᠡᠷ ᠢ ︽ᠡᠵᠡᠨ ᠤ ᠴᠠᠭᠠᠨ ᠭᠡᠷ︾ ᠬᠡᠮᠡᠨ ᠲᠡᠮᠳᠡᠭᠯᠡᠬᠦ ᠪᠣᠯᠤᠭᠰᠠᠨ ᠪᠠ ᠰᠡᠭᠦᠯᠡᠷ ᠨᠢ ︽ᠡᠵᠡᠨ ᠰᠠᠩ︾᠂ ︽ᠡᠵᠡᠨ ᠪᠤᠭᠲᠠ ᠶᠢᠨ ᠬᠤᠶᠠᠷ ᠵᠠᠭᠠᠯ︾᠂ ︽ᠡᠵᠡᠨ ᠵᠣᠷᠭᠠᠨ︾᠂ ︽ᠡᠵᠡᠨ ᠲᠦᠰᠢᠮᠡᠳ︾ ᠭᠡᠬᠦ ᠮᠡᠲᠦ ᠪᠠᠷ  ᠦᠷᠭᠡᠨ ᠭᠡᠷᠡᠭᠯᠡᠭᠳᠡᠬᠦ ᠪᠣᠯᠵᠠᠢ᠃ ︽ᠡᠷᠳᠡᠨᠢ ᠶᠢᠨ ᠳᠣᠪᠴᠢ︾ ᠳᠤ ᠯᠢᠭᠲᠡᠨ ᠬᠠᠭᠠᠨ ᠠᠴᠠ ᠵᠦᠷᠴᠢᠨ ᠠᠶᠢᠮᠠᠭ ᠤᠨ ᠲᠦᠷᠦᠭᠦᠦ ᠨᠤᠷᠠᠭᠴᠢ  ᠶᠢ ︽ᠤᠰᠤᠨ ᠤ ᠭᠤᠷᠪᠠᠨ ᠲᠦᠮᠡᠨ ᠤ ᠦᠴᠥᠬᠡᠨ ᠡᠵᠡᠨ︾ ᠬᠡᠮᠡᠨ ᠪᠠᠰᠤᠮᠵᠢᠯᠠᠨ ᠳᠠᠭᠠᠷᠢᠭᠰᠠᠨ ᠪᠠᠶᠢᠳᠠᠭ᠃     ᠶᠤᠸᠠᠨ ᠤᠯᠤᠰ ᠠᠴᠠ ᠬᠤᠶᠢᠰᠢ ᠲᠠᠶᠢᠨ ᠲᠡᠵᠢᠨ ᠤ ᠦᠢᠮᠡᠭᠡᠨ ᠠᠴᠠ ᠪᠣᠯᠵᠤ ᠮᠣᠩᠭᠤᠯᠴᠤᠳ ᠬᠡᠳᠤᠨ ᠮᠢᠩᠭ᠎ᠠ ᠪᠠᠷ ᠪᠥᠭᠡᠮᠨᠡᠷᠡᠨ ᠨᠡᠭᠦᠳᠡᠭ ᠪᠤᠯᠤᠭᠰᠠᠨ ᠪᠥᠭᠡᠳ ᠲᠠᠶᠢᠮᠦ ᠪᠥᠭᠡᠮ ᠪᠠᠭᠤᠳᠡᠯ ᠪᠤᠶᠤ ᠬᠤᠸᠠᠷᠠᠨ ᠢ ︽ᠬᠤᠷᠢᠶ᠎ᠠ︾ ᠭᠡᠳᠡᠭ᠃ ᠬᠤᠷᠢᠶ᠎ᠠ ᠨᠢ ᠪᠥᠭᠡᠮ ᠠᠶᠢᠯ ᠢᠶᠠᠷ ᠨᠡᠭᠦᠳᠡᠭ ᠪᠣᠯᠬᠤᠷ ᠣᠶᠢᠷ᠎ᠠ ᠲᠦᠷᠣᠯ ᠰᠡᠳᠦᠨ  ᠢᠶᠠᠷ ᠨᠠᠶᠢᠯᠡᠵᠤ ᠪᠠᠭᠤᠳᠠᠭ ︽ᠬᠦᠷᠢᠶ᠎ᠡ︾ ᠲᠠᠢ ᠢᠯᠭᠠᠭ᠎ᠠ ᠲᠠᠢ ᠪᠠᠶᠢᠳᠠᠭ᠃ ᠲᠤᠬᠠᠢ ᠶᠢᠨ ᠦᠶ᠎ᠡ ᠳᠤ ᠸᠠᠩ ᠨᠣᠶᠠᠳ ᠤᠨ ᠪᠠᠭᠤᠳᠠᠭ ᠬᠤᠷᠢᠶ᠎ᠠ ᠨᠢ ᠭᠠᠳᠠᠭᠤᠷ ᠢᠶᠠᠨ ᠰᠢᠷ᠎ᠠ ᠬᠦᠷᠢᠶ᠎ᠡ ᠲᠡᠳᠠᠭᠰᠠᠨ ᠪᠠᠶᠢᠳᠠᠭ᠃ ᠮᠠᠯ ᠤᠨ ᠬᠤᠷᠢᠶ᠎ᠡ ᠭᠡᠳᠡᠭ ᠦᠭᠡ ᠡᠭᠦᠨ ᠠᠴᠠ ᠰᠢᠯᠵᠢᠵᠦ ᠢᠷᠡᠭᠰᠡᠨ ᠪᠠᠶᠢᠵᠦ ᠮᠡᠳᠡᠨ᠎ᠡ᠃ ᠤᠰᠦᠨ ᠤ ᠲᠣᠩᠭᠠᠯᠠᠭ᠂ ᠡᠪᠡᠰᠤᠨ ᠤ ᠰᠤᠷᠭᠤᠭ ᠢ ᠲᠠᠭᠠᠨ᠂ ᠳᠥᠷᠪᠡᠨ ᠴᠠᠭ ᠤᠨ ᠣᠯᠠᠷᠢᠯ ᠳᠤ ᠲᠤᠷ᠎ᠠ ᠪᠠᠷ ᠨᠡᠭᠦᠳᠡᠭ  ᠮᠤᠩᠭᠤᠯᠴᠤᠳ ᠲᠤ ᠠᠪᠴᠤ ᠬᠡᠯᠡᠪᠡᠯ ᠮᠠᠯ ᠢᠶᠠᠨ ᠬᠠᠰᠢᠶᠠᠯᠠᠬᠤ ᠣᠴᠢᠷ ᠲᠠᠶᠢᠮᠦ ᠴᠢᠬᠤᠯᠠ ᠮᠦᠭᠡᠢ ᠮᠥᠷᠲᠡᠭᠡᠨ ᠲᠡᠷᠡ ᠨᠢ ᠠᠯᠢ ᠰᠡᠬᠦᠯᠡᠷ ᠭᠠᠷᠴᠤ  ᠢᠷᠡᠭᠰᠡᠨ ᠨᠢ ᠭᠠᠷᠴᠠᠭ᠎ᠠ  ᠦᠬᠡᠢ᠃     ᠮᠣᠩᠭᠤᠯ ᠤᠨ ᠬᠠᠭᠠᠳ ᠨᠤᠶᠠᠳ ᠥᠪᠡᠷ  ᠤᠨ ᠲᠣᠭᠤᠵᠤ  ᠠᠪᠤᠭᠰᠠᠨ ᠦᠵᠡᠮᠵᠢ ᠰᠠᠶᠢᠲᠠᠢ ᠭᠠᠵᠠᠷ ᠢ  ᠬᠤᠷᠢᠭ ᠪᠣᠯᠭᠠᠨ ᠬᠠᠮᠢᠶ᠎ᠠ ᠦᠭᠡᠢ ᠠᠮᠢᠲᠠᠨ ᠬᠥᠮᠥᠨ ᠲᠡᠨᠳᠡ ᠨᠡᠭᠦᠵᠤ  ᠰᠠᠭᠤᠬᠤ ᠶᠢ ᠬᠤᠷᠢᠵᠤ  ᠲᠤᠰᠬᠠᠶᠢᠯᠠᠨ ᠬᠡᠭᠦᠷ ᠲᠠᠯᠪᠢᠬᠤ ᠪᠤᠶᠤ ᠠᠩ ᠬᠥᠷᠥᠬᠡ ᠬᠢᠬᠦ ᠭᠠᠵᠠᠷ  ᠪᠤᠯᠭᠠᠳᠠᠭ ᠪᠠᠶᠢᠨ᠎ᠡ᠃ ᠡᠭᠦᠨ ᠢ ︽ᠬᠤᠷᠢᠭᠤᠯ︾ ᠭᠡᠬᠦ ᠪᠤᠶᠤ ︽ᠬᠤᠷᠢᠮᠠᠯ︾ ᠭᠡᠳᠡᠭ᠃     ᠡᠳᠦᠭᠡ ︽ᠬᠤᠷᠤᠭ᠎ᠠ︾ ᠪᠠ ︽ᠬᠤᠷᠢᠶ᠎ᠡ︾ ᠶᠢ  ᠨᠢᠭᠡᠳᠭᠡᠨ ︽ᠬᠤᠷᠢᠶ᠎ᠠ︾ ᠭᠡᠵᠦ ᠪᠢᠴᠢᠭᠦ ᠪᠣᠯᠵᠠᠢ᠃ ︽ᠡᠵᠡᠨ ᠬᠤᠷᠤᠭ᠎ᠠ︾ ᠬᠡᠳᠡᠭ ᠤᠨ ᠤᠳᠬ᠎ᠠ ᠶᠢ ᠤᠯᠠᠮ ᠴᠢᠨᠠᠭᠰᠢᠳᠠ ᠨᠡᠷᠢᠨ ᠰᠤᠳᠤᠯᠬᠤ ᠴᠢᠬᠤᠯᠠ ᠲᠠᠢ᠃             ︽ᠮᠠᠨᠠᠷᠠᠵᠤ ᠬᠠᠷᠠᠭᠳᠠᠬᠤ ᠡᠵᠡᠨ ᠬᠤᠷᠤᠭ᠎ᠠ︾  ᠭᠡᠬᠦ  ᠨᠤᠮ ᠠᠴᠠ  ᠪᠠᠭᠤᠯᠭᠠᠪᠠ
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ