1. ᠲᠤᠲᠤᠷᠭ᠎ᠠ ᠪᠤᠳᠠᠭ᠎ᠠ + ᠬᠤᠯᠢᠮᠠᠭ ᠪᠤᠷᠴᠠᠭ︔ ᠰᠤᠳᠤᠯᠭᠠᠨ ᠤ ᠢᠯᠡᠷᠡᠭᠦᠯᠦᠭᠰᠡᠨ ᠢᠶᠠᠷ᠂ ᠬᠠᠷ᠎ᠠ ᠪᠤᠷᠴᠠᠭ᠂ ᠪᠦᠷᠭᠦᠳ ᠤᠨ ᠬᠤᠰᠢᠭᠤᠲᠤ ᠪᠤᠷᠴᠠᠭ᠂ | ᠠᠯᠠᠭ ᠱᠣᠰᠢ᠂ ᠬᠠᠷ᠎ᠠ ᠱᠣᠰᠢ ᠶᠢ ᠲᠤᠲᠤᠷᠭ᠎ᠠ ᠲᠠᠢ ᠬᠠᠮᠲᠤ ᠢᠳᠡᠪᠡᠯ ᠬᠤᠭᠤᠯᠠᠨ ᠤ ᠳᠠᠷᠠᠭᠠᠬᠢ ᠴᠢᠰᠤᠨ ᠰᠢᠬᠢᠷ ᠤᠨ ᠤᠷᠪᠠᠯ ᠢ ᠢᠯᠡᠳᠲᠡ ᠪᠠᠭᠤᠷᠠᠭᠤᠯᠤᠨ᠎ᠠ᠂ | ᠬᠠᠪᠲᠠᠭᠠᠶ ᠪᠤᠷᠴᠠᠭ ᠪᠤᠯᠤᠨ ᠪᠤᠳᠠᠭ᠎ᠠ ᠶᠢ ᠬᠠᠭᠠᠰ ᠬᠠᠭᠠᠰ ᠬᠤᠯᠢᠵᠤ ᠵᠢᠩᠨᠡᠵᠦ ᠢᠳᠡᠪᠡᠯ᠂ ᠬᠤᠭᠤᠯᠠᠨ ᠤ ᠲᠠᠷᠠᠭᠠᠬᠢ ᠴᠢᠰᠤᠨ ᠰᠢᠬᠢᠷ ᠤᠨ ᠤᠷᠪᠠᠯ ᠢ 20% ᠪᠠᠷ | ᠪᠠᠭᠤᠷᠠᠭᠤᠯᠤᠨ᠎ᠠ᠃ | 2. ᠲᠤᠲᠤᠷᠭ᠎ᠠ ᠪᠤᠳᠠᠭ᠎ᠠ + ᠨᠣᠬᠠᠢ ᠶᠢᠨ ᠬᠤᠰᠢᠭᠤ ᠶᠢᠨ ᠪᠤᠳᠠᠭ᠎ᠠ ᠪᠦᠬᠦ ᠮᠥᠬᠦᠯᠢᠭᠲᠦ ᠨᠣᠬᠠᠶ ᠶᠢᠨ ᠬᠤᠰᠢᠭᠤ ᠪᠠ ᠴᠠᠶᠢᠯᠭᠠᠬᠰᠠᠨ ᠨᠣᠬᠠᠶ ᠶᠢᠨ | ᠬᠤᠰᠢᠭᠤ ᠶᠢ ᠲᠤᠰ ᠲᠤᠰ ᠪᠤᠳᠠᠭ᠎ᠠ ᠲᠠᠢᠪᠠᠨ ᠳᠡᠭᠡᠨ 1᠄ 1 ᠬᠠᠷᠢᠴᠠᠯ ᠢᠶᠠᠷ ᠬᠤᠯᠢᠵᠤ ᠴᠢᠨᠠᠬᠤ ᠦᠶᠡᠰ᠂ ᠪᠠᠶᠢᠡᠭᠭᠤ ᠶᠢᠨ ᠲᠠᠷᠤᠯᠳᠠᠳᠦ ᠲᠤᠭᠤᠭᠠᠨ ᠳᠤ ᠴᠢᠨᠠᠬᠤ | ᠪᠤᠶᠤ ᠦᠨᠳᠦᠷ ᠲᠠᠷᠤᠯᠳᠠᠳᠦ ᠲᠤᠭᠤᠭᠠᠨ ᠳᠤ ᠴᠢᠨᠠᠬᠤ ᠨᠢ ᠴᠢᠰᠦᠨ ᠰᠢᠬᠢᠷ ᠢ ᠴᠢᠨᠢ ᠬᠢᠵᠠᠭᠠᠷᠯᠠᠵᠤ ᠴᠢᠳᠠᠨ᠎ᠠ᠃ | 3. ᠲᠤᠲᠤᠷᠭ᠎ᠠ ᠪᠤᠳᠠᠭ᠎ᠠ + ᠡᠷᠳᠡᠨᠢ ᠰᠢᠰᠢ ︔ ᠡᠷᠳᠡᠨᠢ ᠰᠢᠰᠢ ᠪᠠ ᠲᠤᠲᠤᠷᠭ᠎ᠠ ᠶᠢ ᠬᠤᠯᠢᠵᠦ ᠢᠳᠡᠪᠡᠯ ᠴᠢᠰᠦᠨ ᠰᠢᠭᠢᠷ ᠢ ᠴᠢᠨᠢ ᠬᠢᠵᠠᠭᠠᠷᠯᠠᠵᠤ᠂ | ᠬᠤᠭᠤᠯᠠᠨ ᠤ ᠲᠠᠷᠠᠭᠠᠬᠢ ᠴᠢᠰᠤᠨ ᠰᠢᠬᠢᠷ ᠤᠨ ᠳᠡᠭᠡᠭᠰᠢᠯᠡᠬᠦ ᠶᠢ ᠤᠳᠠᠭᠠᠰᠢᠷᠠᠭᠤᠯᠳᠠᠭ᠃ ᠡᠭᠦᠨ ᠤ ᠬᠠᠮᠲᠤ ᠡᠷᠳᠡᠨᠢ ᠰᠢᠰᠢ ᠳᠤ ᠪᠠᠰᠠ ᠡᠯᠪᠡᠭ ᠲᠡᠯᠪᠡᠭ ᠢᠳᠡᠭᠡᠨ ᠤ | ᠰᠢᠷᠬᠡᠭᠯᠢᠭ ᠡᠳ᠋᠂ ᠸᠢᠲ᠋ᠠᠮᠢᠨ B ᠶᠢᠨ ᠠᠶᠢᠮᠠᠭ᠂ ᠡᠷᠳᠡᠨᠢ ᠰᠢᠰᠢ ᠶᠢᠨ ᠰᠢᠷ᠎ᠠ ᠡᠳ᠋᠂ ᠺᠠᠯᠢ ᠪᠣᠯᠤᠨ ᠺᠠᠯᠼ ᠤᠨ ᠠᠭᠤᠯᠤᠭᠳᠠᠴᠠ ᠴᠤ ᠨᠡᠯᠢᠶᠡᠳ ᠰᠠᠶᠢᠨ ᠪᠠᠶᠢᠳᠠᠭ᠃ | 4. ᠲᠤᠲᠤᠷᠭ᠎ᠠ ᠪᠤᠳᠠᠭ᠎ᠠ + ᠠᠯᠠᠭ ᠲᠤᠲᠤᠷᠭ᠎ᠠ ︔ ᠠᠯᠠᠭ ᠲᠤᠲᠤᠷᠭ᠎ᠠ ᠢᠳᠡᠬᠦ ᠶᠢ ᠴᠠᠭᠠᠨ ᠲᠤᠲᠤᠷᠭ᠎ᠠ ᠢᠳᠡᠬᠦ ᠲᠠᠢ ᠬᠠᠷᠢᠴᠠᠭᠤᠯᠪᠠᠯ᠂ ᠡᠳᠦᠷ ᠤᠨ | ᠳᠤᠮᠳᠠᠴᠢ ᠴᠢᠰᠤᠨ ᠰᠢᠬᠢᠷ ᠤᠨ ᠲᠠᠯᠠᠪᠠᠶ ᠨᠢ 19.8% ᠪᠠᠷ ᠪᠠᠭᠤᠷᠠᠳᠠᠭ᠂ ᠠᠯᠠᠭ ᠲᠤᠲᠤᠷᠭ᠎ᠠ ᠶᠢ ᠡᠯᠳᠡᠪ ᠵᠦᠢᠯ ᠤᠨ ᠪᠤᠷᠴᠠᠭ ᠲᠠᠢ ᠬᠤᠯᠢᠵᠤ ᠢᠳᠡᠪᠡᠯ ᠴᠢᠰᠦᠨ | ᠰᠢᠬᠢᠷ ᠢ 22.9 % ᠪᠠᠷ ᠪᠠᠭᠤᠷᠠᠭᠤᠯᠬᠤ ᠪᠦᠭᠡᠳ ᠨᠦᠢᠷ ᠤᠨ ᠠᠷᠠᠯ ᠤᠨ ᠡᠳ᠋ ᠤᠨ ᠰᠣᠷᠭᠤᠭ ᠴᠢᠨᠠᠷ ᠢ ᠴᠥᠮ ᠳᠡᠭᠡᠭᠰᠢᠯᠡᠭᠦᠯᠳᠡᠭ᠃ | ᠪᠤᠳᠠᠭ᠎ᠠ ᠶᠢ ᠢᠡᠭᠭᠢᠵᠦ ᠢᠳᠡᠪᠡᠯ ᠴᠢᠰᠦᠨ ᠰᠢᠬᠢᠷ ᠢ ᠨᠠᠩ ᠰᠠᠶᠢᠨ ᠬᠢᠵᠠᠭᠠᠷᠯᠠᠵᠤ ᠳᠡᠶᠢᠯᠦᠨ᠎ᠡ᠃ | 1. ᠲᠤᠲᠤᠷᠭ᠎ᠠ ᠪᠤᠳᠠᠭ᠎ᠠ ᠢᠳᠡᠬᠦ ᠳᠡᠭᠡᠨ ᠡᠳᠡᠭᠡᠷ ᠢ ᠬᠤᠯᠢᠵᠦ ᠢᠳᠡᠭᠡᠷᠡᠢ᠄ ᠲᠤᠲᠤᠷᠭ᠎ᠠ ᠪᠤᠳᠠᠭ᠎ᠠ + ᠤᠭᠤᠷᠠᠭᠲᠤ ᠢᠳᠡᠭᠡᠨ᠂ ᠲᠤᠲᠤᠷᠭ᠎ᠠ ᠪᠤᠳᠠᠭ᠎ᠠ + | ᠢᠳᠡᠰᠢᠨ ᠨᠣᠭᠤᠭ᠎ᠠ᠃ ᠠᠩᠬᠠᠷᠤᠭᠤᠰᠢᠲᠠᠶ ᠨᠢ ᠴᠠᠷᠳᠠᠭᠤᠯ ᠤᠨ ᠪᠤᠰᠤ ᠲᠥᠷᠥᠯ ᠤᠨ ᠢᠳᠡᠰᠢᠨ ᠨᠣᠭᠤᠭ᠎ᠠ ᠲᠠᠢ ᠬᠤᠯᠢᠵᠦ ᠢᠳᠡᠬᠦ ᠶᠢ ᠰᠠᠨᠠᠭᠤᠯᠤᠶ᠎ᠠ᠂ ᠵᠢᠱᠢᠶᠡᠯᠡᠪᠡᠯ | ᠵᠢᠵᠢᠭ ᠴᠠᠭᠠᠨ ᠨᠣᠭᠤᠭ᠎ᠠ᠂ ᠪᠦᠸᠧᠼᠠᠢ ᠨᠣᠭᠤᠭ᠎ᠠ᠂ ᠬᠥᠨᠳᠡᠶ ᠭᠤᠤᠯᠳᠦ ᠨᠣᠭᠤᠭ᠎ᠠ ᠵᠡᠷᠭᠡ ᠨᠣᠭᠤᠭᠠᠨ ᠨᠠᠪᠴᠢᠲᠤ ᠨᠣᠭᠤᠭ᠎ᠠ ᠪᠤᠶᠤ ᠬᠠᠰᠢ᠂ ᠲᠥᠪᠡᠳ ᠬᠠᠰᠢ᠂ | ᠳ᠋ᠦᠩᠭᠤᠸᠠ ᠵᠡᠷᠭᠡ ᠭᠤᠸ᠎ᠠ ᠬᠠᠰᠢ ᠶᠢᠨ ᠲᠥᠷᠥᠯ ᠤᠨ ᠢᠳᠡᠰᠢᠨ ᠨᠣᠭᠤᠭ᠎ᠠ ᠵᠡᠷᠭᠡ ᠶᠢ ᠬᠤᠯᠢᠵᠦ ᠢᠳᠡᠵᠦ ᠪᠣᠯᠤᠨ᠎ᠠ᠃ | 2. ᠬᠤᠭᠤᠯᠠᠨ ᠠᠴᠠ ᠡᠮᠦᠨ᠎ᠡ ᠡᠳᠡᠭᠡᠷ ᠢ ᠢᠳᠡᠵᠦ ᠪᠣᠯᠤᠨ᠎ᠠ᠄ ᠬᠤᠭᠤᠯᠠ ᠢᠳᠡᠬᠦ ᠠᠴᠠ ᠡᠮᠦᠨ᠎ᠡ ᠵᠢᠮᠢᠰ ᠪᠠᠭ᠎ᠠ ᠰᠠᠭ᠎ᠠ ᠢᠳᠡᠪᠡᠯ ᠴᠢᠰᠤᠨ ᠰᠢᠬᠢᠷ ᠢ ᠴᠢᠨᠢ ᠨᠡᠩ | ᠰᠠᠶᠢᠨ ᠬᠢᠵᠠᠭᠠᠷᠯᠠᠵᠤ ᠳᠡᠶᠢᠯᠦᠨ᠎ᠡ᠃ |