ᠬᠤᠨᠢᠨ ᠤ ᠡᠪᠡᠰᠦ ᠶᠢ ᠬᠤᠷᠢᠶᠠᠬᠤ ᠪᠠ ᠬᠠᠳᠠᠭᠠᠯᠠᠬᠤ
ᠨᠡᠶᠢᠲᠡᠯᠡᠭᠰᠡᠨ ᠴᠠᠭ᠄
2024/8/12
      ᠬᠤᠨᠢᠨ ᠤ ᠡᠪᠡᠰᠦ ᠬᠠᠭᠤᠷᠠᠢ ᠡᠪᠡᠰᠦ ᠶᠢ ᠬᠠᠳᠤᠬᠤ ᠳᠤ ᠬᠠᠮᠤᠭ ᠰᠠᠶᠢᠨ ᠨᠢ ᠵᠠᠯᠠᠭᠠᠯᠠᠬᠤ ᠬᠤᠭᠤᠴᠠᠭᠠᠨ ᠳᠤ ᠪᠠᠶᠢᠳᠠᠭ᠂ ᠵᠡᠭᠦᠨ ᠬᠤᠶᠢᠲᠤ ᠣᠷᠣᠨ ᠤ ᠬᠤᠨᠢᠨ ᠤ ᠡᠪᠡᠰᠦ ᠶᠢ ᠬᠤᠷᠢᠶᠠᠬᠤ ᠳᠤ ᠭᠤᠣᠯᠳᠠᠭᠤ ᠬᠤᠶᠠᠷ ᠬᠤᠭᠤᠴᠠᠭ᠎ᠠ ᠬᠤᠪᠢᠶᠠᠨ᠎ᠠ᠃       ᠨᠢᠭᠡ ᠨᠢ 7 — 8 ᠰᠠᠷ᠎ᠠ ᠠᠴᠠ ᠡᠬᠢᠯᠡᠨ ᠡᠪᠡᠰᠦ ᠬᠤᠷᠢᠶᠠᠨ᠎ᠠ᠂ ᠡᠨᠡ ᠦᠶ᠎ᠡ ᠳᠤ ᠰᠢᠮ᠎ᠡ ᠲᠡᠵᠢᠭᠡᠯ ᠤᠨ ᠴᠢᠨᠠᠷ ᠨᠢ ᠨᠡᠯᠢᠶᠡᠳ ᠥᠨᠳᠥᠷ᠂ ᠪᠣᠷᠣᠯᠠᠭᠤᠯᠤᠯᠲᠠ ᠶᠢᠨ ᠦᠨ᠎ᠡ ᠨᠢ ᠥᠨᠳᠥᠷ᠂ ᠭᠠᠷᠤᠯᠲᠠ ᠶᠢᠨ ᠬᠡᠮᠵᠢᠶ᠎ᠡ ᠨᠢ ᠳᠣᠣᠷ᠎ᠠ᠂ ᠤᠰᠤᠨ ᠤ ᠠᠭᠤᠯᠤᠭᠳᠠᠴᠠ ᠨᠢ ᠶᠡᠭᠡ᠂ ᠶᠡᠷᠦ ᠳᠡᠭᠡᠨ 16%᠎ ᠠᠴᠠ ᠳᠡᠭᠡᠭᠰᠢ ᠪᠠᠶᠢᠵᠤ᠂ ᠤᠷᠳᠤ ᠬᠤᠭᠤᠴᠠᠭ᠎ᠠ ᠪᠠᠷ ᠬᠠᠳᠠᠭᠠᠯᠠᠬᠤ ᠳᠤ ᠬᠦᠴᠢᠷ᠃ ᠣᠳᠣᠬᠠᠨ ᠤ ᠨᠠᠶᠢᠷᠠᠭᠤᠯᠬᠤ ᠠᠷᠭ᠎ᠠ ᠪᠣᠯ ᠬᠠᠳᠤᠭᠰᠠᠨ ᠤ ᠳᠠᠷᠠᠭ᠎ᠠ 1 — 3 ᠡᠳᠦᠷ ᠬᠠᠳᠠᠭᠠᠭᠰᠠᠨ ᠤ ᠳᠠᠷᠠᠭ᠎ᠠ ᠤᠷᠢᠳ ᠢᠶᠠᠷ ᠰᠦᠪᠡᠷᠬᠡᠭ ᠵᠢᠵᠢᠭ ᠣᠪᠣᠭ᠎ᠠ ᠪᠣᠯᠭᠠᠨ ᠣᠪᠣᠭᠠᠯᠠᠵᠤ᠂ ᠠᠭᠠᠵᠢᠮ ᠢᠶᠠᠷ ᠰᠡᠭᠦᠳᠡᠷ ᠲᠤ ᠬᠠᠲᠠᠭᠠᠨ᠂ ᠤᠰᠤᠨ ᠤ ᠠᠭᠤᠯᠤᠭᠳᠠᠴᠠ ᠨᠢ 16% ᠣᠷᠴᠢᠮ ᠪᠣᠯᠪᠠᠯ ᠣᠪᠣᠭᠠᠯᠠᠬᠤ᠂ ᠡᠰᠡᠬᠦᠯ᠎ᠡ ᠪᠡᠯᠴᠢᠭᠡᠷ ᠲᠤ ᠣᠪᠣᠭᠠᠯᠠᠭᠠᠳ ᠰᠢᠭᠤᠳ ᠪᠤᠭᠤᠵᠢᠯᠠᠵᠤ᠂ ᠡᠰᠡᠬᠦᠯ᠎ᠡ ᠬᠥᠮᠥᠷᠭᠡ ᠳᠤ ᠬᠦᠷᠭᠡᠵᠦ ᠬᠠᠳᠠᠭᠠᠯᠠᠨ᠎ᠠ᠃       ᠬᠤᠶᠠᠷ ᠲᠤ 8 ᠰᠠᠷ᠎ᠠ ᠶᠢᠨ ᠰᠡᠭᠦᠯᠴᠢ ᠠᠴᠠ 9 ᠰᠠᠷ᠎ᠠ ᠪᠣᠯᠲᠠᠯᠠᠬᠢ ᠬᠤᠭᠤᠴᠠᠭᠠᠨ ᠳᠤ ᠬᠠᠳᠤᠨ᠎ᠠ᠂ ᠡᠨᠡ ᠦᠶ᠎ᠡ ᠳᠤ ᠨᠢᠭᠡᠨᠲᠡ ᠪᠣᠷᠣᠭᠠᠨ ᠤ ᠤᠯᠠᠷᠢᠯ ᠥᠩᠭᠡᠷᠡᠵᠦ᠂ ᠨᠡᠷᠡᠨ ᠳᠤ ᠡᠭᠡᠭᠡᠵᠦ ᠪᠣᠯᠬᠤ ᠴᠠᠭ ᠨᠢ ᠣᠷᠳᠣ ᠰᠢᠭ᠋ ᠪᠠᠶᠢᠵᠤ᠂ ᠠᠭᠠᠷ ᠤᠨ ᠳᠤᠯᠠᠭᠠᠨ ᠨᠢ ᠴᠦ ᠢᠯᠡᠳᠲᠡ ᠪᠠᠭᠤᠷᠠᠵᠤ᠂ ᠠᠮᠠᠷᠬᠠᠨ ᠸᠠᠯᠠᠬᠤ ᠦᠭᠡᠢ᠂ ᠬᠠᠭᠤᠷᠠᠢ ᠡᠪᠡᠰᠦᠨ ᠤ ᠤᠰᠤᠨ ᠤ ᠠᠭᠤᠯᠤᠭᠳᠠᠴᠠ ᠨᠢ 13%᠎ ᠠᠴᠠ ᠳᠣᠷᠣᠭᠰᠢ ᠪᠠᠶᠢᠵᠤ᠂ ᠶᠡᠭᠡ ᠬᠡᠮᠵᠢᠶ᠎ᠡ ᠪᠠᠷ ᠬᠤᠳᠠᠯᠳᠤᠨ ᠠᠪᠬᠤ ᠪᠤᠶᠤ ᠣᠷᠳᠣ ᠬᠤᠭᠤᠴᠠᠭ᠎ᠠ ᠪᠠᠷ ᠬᠠᠳᠠᠭᠠᠯᠠᠵᠤ ᠪᠣᠯᠣᠨ᠎ᠠ᠃ ᠭᠡᠪᠡᠴᠦ ᠬᠠᠳᠤᠬᠤ ᠬᠤᠭᠤᠴᠠᠭ᠎ᠠ ᠨᠢ ᠨᠢᠭᠡᠨᠲᠡ ᠪᠣᠯᠪᠠᠰᠤᠷᠠᠭᠰᠠᠨ ᠬᠤᠭᠤᠴᠠᠭ᠎ᠠ ᠠᠴᠠ ᠪᠠᠨ ᠥᠩᠭᠡᠷᠡᠭᠡᠳ ᠰᠢᠷᠠᠯᠠᠬᠤ ᠬᠤᠭᠤᠴᠠᠭ᠎ᠠ ᠳᠤ ᠣᠷᠣᠭᠰᠠᠨ ᠤᠴᠢᠷ ᠠᠴᠠ ᠬᠠᠭᠤᠷᠠᠢ ᠡᠪᠡᠰᠦᠨ ᠤ ᠶᠠᠰᠤ ᠴᠢᠨᠠᠷ ᠨᠢ ᠪᠠᠭᠤᠷᠠᠭᠰᠠᠨ ᠪᠠᠶᠢᠳᠠᠭ᠃ 
ᠢᠷᠡᠯᠲᠡ᠄ ᠤᠷᠳᠤᠰ ᠬᠤᠳᠠ ᠶᠢᠨ ᠠᠷᠠᠳ ᠤᠨ ᠵᠠᠰᠠᠭ ᠤᠨ ᠤᠷᠳᠤᠨ ᠤ ᠵᠠᠰᠠᠭ ᠤᠨ ᠶᠠᠪᠤᠳᠠᠯ ᠤᠨ ᠮᠤᠩᠭᠤᠯ ᠬᠡᠯᠡᠨ ᠤ ᠰᠦᠯᠵᠢᠶ᠎ᠡ