ᠦᠨᠳᠦᠷ ᠬᠠᠯᠠᠭᠤᠨ ᠠᠭᠤᠷ ᠠᠮᠢᠰᠬᠤᠯ ᠢ ᠪᠢᠳᠠ ᠬᠡᠷᠬᠢᠨ ᠰᠡᠷᠬᠡᠶᠢᠯᠡᠨ ᠬᠠᠮᠠᠭᠠᠯᠠᠬᠤ ᠪᠤᠢ ︖ ᠶᠠᠮᠠᠷ ᠶᠠᠮᠠᠷ ᠬᠠᠯᠠᠭᠤᠨ ᠢ ᠪᠠᠭᠤᠷᠠᠭᠤᠯᠬᠤ ᠡ᠊ᠨᠳᠡᠬᠦᠷᠡᠯ ᠠᠴᠠ | ᠵᠠᠶᠢᠯᠠᠬᠤ ᠴᠢᠬᠤᠯᠠᠳᠠᠢ ᠪᠤᠢ ︖ ᠡᠬᠦᠨ ᠢ ᠬᠠᠮᠳᠤ ᠪᠠᠷ ᠤᠶᠢᠯᠠᠭᠠᠶ᠎ᠠ᠃ | ᠡ᠊ᠨᠳᠡᠬᠦᠷᠡᠯ ᠨᠢᠬᠡ᠄ ᠬᠠᠯᠠᠭᠤᠨ ᠠᠴᠠ ᠰᠡᠷᠬᠡᠶᠢᠯᠡᠬᠦ ᠳᠤ ᠭᠤᠤᠯᠳᠠᠭᠤ ᠠᠭᠠᠷ ᠲᠤᠬᠢᠷᠠᠭᠤᠯᠤᠭᠴᠢ ᠳᠤ ᠲᠦᠰᠢᠭᠯᠡᠬᠦ | ᠡᠳᠦᠷ ᠬᠠᠯᠠᠭᠤᠨ ᠪᠤᠯᠤᠮᠠᠭᠴᠠ ᠮᠠᠰᠢ ᠤᠯᠠᠨ ᠬᠦᠮᠦᠨ ᠠᠭᠠᠷ ᠲᠤᠬᠢᠷᠠᠭᠤᠯᠤᠭᠴᠢ ᠠᠴᠠ ᠰᠠᠯᠵᠤ ᠴᠢᠳᠠᠬᠤ ᠦᠬᠡᠢ ᠪᠤᠯᠳᠠᠭ᠃ ᠦᠨᠡᠨ ᠳᠡᠭᠡᠨ ᠤᠷᠳᠤ | ᠬᠤᠭᠤᠴᠠᠭ᠎ᠠ ᠪᠠᠷ ᠠᠭᠠᠷ ᠲᠤᠬᠢᠷᠠᠭᠤᠯᠤᠭᠴᠢ ᠶᠢᠨ ᠲᠤᠭᠳᠠᠮᠠᠯ ᠲᠤᠯᠠᠭᠠᠨ ᠳᠤ ᠠᠮᠢᠳᠤᠷᠠᠪᠠᠯ ᠬᠦᠮᠦᠨ ᠤ ᠪᠡᠶ᠎ᠡ ᠶᠢᠨ ᠲᠤᠯᠠᠭᠠᠨ ᠤ ᠭᠡᠮᠵᠢᠶ᠎ᠡ ᠶᠢ ᠲᠤᠬᠢᠷᠠᠭᠤᠯᠬᠤ | ᠴᠢᠳᠠᠪᠤᠷᠢ᠂ ᠡᠬᠡᠯᠢᠯᠡᠭᠡ ᠶᠢᠨ ᠴᠢᠳᠠᠪᠤᠷᠢ ᠪᠦᠷ ᠪᠠᠭᠤᠷᠠᠵᠤ᠂ ᠦᠨᠳᠦᠷ ᠲᠤᠯᠠᠭᠠᠨ ᠤ ᠤᠷᠴᠢᠨ ᠳᠤ ᠪᠤᠴᠠᠪᠠᠯ ᠬᠡᠳᠡᠷᠬᠦ ᠪᠠᠨ ᠨᠡᠩ ᠠᠮᠠᠷᠬᠠᠨ ᠨᠠᠷᠠᠰᠢᠳᠠᠭ᠃ | ᠵᠦᠪ ᠠᠷᠭ᠎ᠠ᠄ ᠬᠡᠷ ᠤᠨ ᠲᠤᠲᠤᠨ᠎ᠠ ᠭᠠᠳᠠᠨ᠎ᠠ ᠶᠢᠨ ᠲᠤᠯᠠᠭᠠᠨ ᠤ ᠵᠦᠷᠢᠶ᠎ᠠ ᠶᠢ 10 ᠠᠴᠠ ᠦᠨᠳᠦᠷ ᠪᠠᠶᠢᠯᠭᠠᠵᠤ ᠪᠤᠯᠬᠤ ᠦᠬᠡᠢ᠃ ᠦᠷᠦᠬᠡᠨ ᠳᠤ | ᠤᠷᠤᠭᠰᠠᠨ ᠤ ᠲᠠᠷᠠᠭ᠎ᠠ 10 ᠮᠢᠨᠦ᠋ᠲ ᠤᠨ ᠲᠠᠷᠠᠭ᠎ᠠ ᠠᠭᠠᠷ ᠲᠤᠬᠢᠷᠠᠭᠤᠯᠤᠭᠴᠢ ᠪᠠᠨ ᠨᠡᠬᠡᠬᠡᠵᠦ᠂ ᠭᠠᠳᠠᠭᠰᠢ ᠭᠠᠷᠬᠤ ᠠᠴᠠ 10 ᠮᠢᠨᠦ᠋ᠲ ᠤᠨ ᠡᠮᠦᠨ᠎ᠡ ᠬᠠᠭᠠᠵᠤ᠂ | ᠴᠤᠩᠬᠤ ᠪᠠᠨ ᠨᠡᠬᠡᠬᠡᠵᠦ ᠰᠠᠯᠬᠢ ᠨᠡᠪᠳᠡᠷᠡᠬᠦᠯᠦᠨ᠎ᠠ᠃ | ᠡ᠊ᠨᠳᠡᠬᠦᠷᠡᠯ ᠬᠤᠶᠠᠷ᠄ ᠦᠳᠡ ᠳᠤ ᠬᠡᠳᠦ ᠰᠡᠷᠢᠬᠦᠬᠡᠨ ᠤᠷᠴᠢᠨ ᠳᠤ ᠤᠨᠳᠠᠬᠤ | ᠵᠤᠨ ᠤ ᠴᠠᠭ ᠲᠤ ᠵᠠᠷᠢᠮ ᠬᠦᠮᠦᠨ ᠱᠠᠯᠠ ᠲᠡᠭᠡᠷ᠎ᠡ ᠤᠨᠳᠠᠬᠤ ᠲᠤᠷᠠᠳᠠᠢ᠃ ᠬᠡᠳᠦ᠋ᠢᠪᠡᠷ ᠰᠡᠷᠢᠬᠦᠨ ᠲᠠᠭᠠᠯᠠᠮᠵᠢᠳᠠᠢ ᠰᠠᠨᠠᠭᠳᠠᠭᠰᠠᠨ ᠪᠤᠯᠪᠠᠴᠤ ᠠᠭᠠᠷ ᠨᠡᠪᠳᠡᠷᠡᠬᠦ | ᠴᠢᠨᠠᠷ ᠢᠶᠠᠷ ᠠᠨᠠᠢ ᠮᠦᠷᠳᠡᠬᠡᠨ ᠴᠢᠬᠢᠭ ᠢ ᠲᠦᠪᠯᠡᠷᠡᠬᠦᠯᠬᠦ ᠴᠢᠨᠠᠷ ᠢᠶᠠᠷ ᠴᠢᠩᠭ᠎ᠠ ᠪᠠᠶᠢᠵᠤ᠂ ᠠᠮᠠᠷᠬᠠᠨ ᠵᠢᠬᠡᠬᠦᠴᠡᠬᠦ ᠪᠤᠶᠤ ᠴᠢᠬᠢᠭᠳᠦᠳᠡᠭ᠃ | ᠵᠦᠪ ᠠᠷᠭ᠎ᠠ᠄ ᠰᠡᠷᠢᠬᠦᠨ ᠰᠠᠭᠤᠳᠠᠯ ᠤᠨ ᠲᠡᠭᠡᠷ᠎ᠡ ᠲᠠᠭᠠᠯᠠᠮᠵᠢᠳᠠᠢ ᠬᠡᠪᠳᠡᠵᠦ ᠪᠤᠯᠤᠨ᠎ᠠ᠂ ᠬᠡᠪᠡᠴᠦ ᠰᠠᠯᠬᠢᠨ ᠰᠠᠩᠰᠠ ᠶᠢ ᠪᠡᠶ᠎ᠡ ᠶᠢᠨ ᠢᠶᠠᠨ ᠦᠬᠡᠳᠡ ᠰᠢᠭᠤᠳ | ᠦᠯᠢᠶᠡᠯᠬᠡᠵᠦ ᠪᠤᠯᠬᠤ ᠦᠬᠡᠢ᠃ ᠡ᠊ᠨᠳᠡᠬᠦᠷᠡᠯ ᠭᠤᠷᠪᠠ᠄ ᠨᠢᠮᠬᠡᠨ ᠡᠮᠦᠰᠴᠦ ᠬᠦᠳᠡᠯᠬᠦ ᠠᠴᠠ ᠲᠠᠲᠠᠭᠠᠯᠵᠠᠬᠤ | ᠵᠤᠨ ᠤ ᠴᠠᠭ ᠲᠤ᠂ ᠬᠦᠮᠦᠰ ᠨᠢᠮᠬᠡᠨ ᠡᠮᠦᠰᠬᠦ ᠲᠤᠷᠠᠳᠠᠢ ᠪᠦᠬᠡᠳ ᠬᠡᠷ ᠤᠨ ᠭᠠᠳᠠᠨᠠᠬᠢ ᠬᠦᠳᠡᠯᠬᠡᠬᠡᠨ ᠤ ᠴᠠᠭ ᠪᠠ ᠬᠦᠴᠦᠯᠡᠴᠡ ᠪᠠᠨ ᠪᠠᠭᠠᠰᠬᠠᠳᠠᠭ᠃ | ᠦᠨᠡᠨ ᠳᠡᠭᠡᠨ ᠵᠤᠬᠢᠬᠤ ᠬᠡᠮᠵᠢᠶᠡᠨ ᠤ ᠬᠡᠷ ᠤᠨ ᠭᠠᠳᠠᠨᠠᠬᠢ ᠬᠦᠳᠡᠯᠬᠡᠬᠡᠨ ᠤ ᠴᠢᠰᠤᠨ ᠤ ᠡᠷᠬᠢᠯᠳᠡ ᠪᠠ ᠰᠢᠨ᠎ᠠ ᠬᠠᠭᠤᠴᠢᠨ ᠤ ᠰᠤᠯᠢᠯᠴᠠᠭ᠎ᠠ ᠶᠢ ᠠᠬᠢᠭᠤᠯᠵᠤ᠂ ᠪᠡᠶ᠎ᠡ | ᠮᠠᠬᠠᠪᠤᠳ ᠤᠨ ᠦᠨᠳᠦᠷ ᠲᠤᠯᠠᠭᠠᠨ ᠤ ᠤᠷᠴᠢᠨ ᠳᠤ ᠵᠤᠬᠢᠴᠠᠬᠤ ᠴᠢᠳᠠᠪᠤᠷᠢ ᠶᠢ ᠲᠡᠭᠡᠭᠰᠢᠯᠡᠬᠦᠯᠳᠡᠭ᠃ ᠡᠶᠢᠮᠦ ᠠᠴᠠ ᠦᠷᠯᠦᠬᠡ ᠪᠤᠶᠤ ᠦᠳᠡᠰᠢ ᠶᠢᠨ ᠦᠶ᠎ᠡ ᠪᠠᠷ | ᠵᠤᠬᠢᠬᠤ ᠬᠡᠮᠵᠢᠶᠡᠨ ᠤ ᠪᠡᠶ᠎ᠡ ᠶᠢᠨ ᠲᠠᠮᠢᠷ ᠤᠨ ᠪᠤᠯᠪᠠᠰᠤᠷᠠᠯ ᠬᠢᠵᠦ ᠪᠤᠯᠤᠨ᠎ᠠ᠃ | ᠡᠬᠦᠨ ᠠᠴᠠ ᠭᠠᠳᠠᠨ᠎ᠠ ᠪᠠᠰᠠ ᠶᠠᠮᠠᠷ ᠶᠠᠮᠠᠷ ᠠᠷᠭ᠎ᠠ ᠬᠡᠯᠪᠡᠷᠢ ᠪᠠᠷ ᠦᠨᠳᠦᠷ ᠬᠠᠯᠠᠭᠤᠨ ᠢ ᠰᠡᠷᠬᠡᠶᠢᠯᠡᠨ᠂ ᠡᠷᠡᠬᠦᠯ ᠮᠡᠨᠳᠦ ᠪᠠᠨ ᠬᠠᠮᠠᠭᠠᠯᠠᠵᠤ ᠴᠢᠳᠠᠬᠤ ᠪᠤᠢ ︖ | ᠡ᠊ᠡᠭ ᠲᠡᠷᠢᠬᠦᠨ ᠳᠤ᠂ ᠦᠷᠦᠬᠡᠨ ᠲᠤᠲᠤᠷᠠᠬᠢ ᠴᠢᠬᠢᠭ ᠤᠨ ᠬᠡᠮᠵᠢᠶ᠎ᠡ ᠶᠢ ᠨᠡᠮᠡᠭᠳᠡᠬᠦᠯᠵᠦ᠂ ᠴᠢᠬᠢᠭᠯᠢᠭ ᠪᠠᠶᠢᠬᠤ ᠶᠢ ᠪᠠᠳᠤᠯᠠᠬᠤ ᠶᠢ ᠰᠠᠨᠠᠭᠤᠯᠤᠶ᠎ᠠ᠃ ᠦᠨᠳᠦᠷ | ᠬᠠᠯᠠᠭᠤᠨ ᠦᠶ᠎ᠡ ᠳᠤ ᠦᠷᠦᠬᠡᠨ ᠲᠤᠲᠤᠷᠠᠬᠢ ᠴᠢᠬᠢᠭᠳᠦᠴᠡ ᠨᠢ ᠬᠡᠳᠦ ᠲᠤᠤᠷ᠎ᠠ ᠪᠤᠯᠪᠠᠯ ᠠᠷᠠᠰᠤ ᠬᠠᠭᠤᠷᠠᠶᠢᠳᠠᠵᠤ᠂ ᠠᠮᠢᠰᠬᠤᠯ ᠤᠨ ᠵᠠᠮ ᠡᠪ ᠦᠬᠡᠢ ᠪᠤᠯᠵᠤ | ᠮᠡᠳᠡᠨ᠎ᠠ᠃ ᠲᠠᠷᠠᠭ᠎ᠠ ᠳᠤᠨᠢ ᠪᠦᠬᠦ ᠪᠡᠶ᠎ᠡ ᠠᠴᠠ ᠬᠦᠯᠦᠰᠦ ᠭᠠᠷᠤᠭᠰᠠᠨ ᠦᠶ᠎ᠡ ᠳᠤ ᠬᠦᠢᠳᠡᠨ ᠤᠰᠤ ᠪᠠᠷ ᠪᠡᠶ᠎ᠡ ᠪᠠᠨ ᠤᠬᠢᠶᠠᠵᠤ ᠪᠤᠯᠬᠤ ᠦᠬᠡᠢ᠃ | ᠭᠠᠳᠠᠭᠰᠢ ᠭᠠᠷᠬᠤ ᠳᠠᠭᠠᠨ ᠬᠡᠷ ᠤᠨ ᠭᠠᠳᠠᠨᠠᠬᠢ ᠬᠦᠳᠡᠯᠬᠡᠬᠡᠨ ᠠᠴᠠ ᠠᠯᠢ ᠴᠢᠳᠠᠬᠤ ᠪᠠᠷ ᠵᠠᠶᠢᠯᠠᠰᠬᠢᠬᠤ ᠪᠤᠶᠤ ᠪᠠᠭᠠᠰᠬᠠᠬᠤ ᠬᠡᠷᠡᠭᠳᠡᠢ᠂ ᠢᠯᠠᠩᠭᠤᠶ᠎ᠠ 10 | ᠴᠠᠭ ᠠᠴᠠ 16 ᠴᠠᠭ ᠤᠨ ᠬᠤᠭᠤᠷᠤᠨᠳᠤᠬᠢ ᠬᠠᠯᠠᠭᠤᠨ ᠨᠠᠷᠠᠨ ᠤ ᠲᠤᠤᠷ᠎ᠠ ᠬᠦᠳᠡᠯᠬᠡᠬᠡᠨ ᠬᠢᠵᠦ ᠪᠤᠯᠬᠤ ᠦᠬᠡᠢ᠃ ᠬᠠᠮᠤᠭ ᠤᠨ ᠦᠨᠳᠦᠷ ᠠᠭᠠᠷ ᠤᠨ ᠲᠤᠯᠠᠭᠠᠨ ᠨᠢ | 37°C ᠠᠴᠠ 39°C ᠪᠤᠯᠬᠤ ᠦᠶ᠎ᠡ ᠳᠤ ᠭᠠᠳᠠᠨ᠎ᠠ ᠠᠵᠢᠯᠯᠠᠬᠤ ᠴᠠᠭ ᠢ 6 ᠴᠠᠭ ᠠᠴᠠ ᠬᠡᠳᠦᠷᠡᠬᠦᠯᠵᠦ ᠪᠤᠯᠬᠤ ᠦᠬᠡᠢ᠂ 12 ᠴᠠᠭ ᠠᠴᠠ 16 ᠴᠠᠭ | ᠪᠤᠯᠳᠠᠯ᠎ᠠ ᠭᠠᠳᠠᠨ᠎ᠠ ᠠᠵᠢᠯᠯᠠᠬᠤ ᠪᠠᠨ ᠲᠦᠷ ᠵᠤᠭᠰᠤᠬᠤ ᠬᠡᠷᠡᠭᠳᠡᠢ᠃ ᠬᠠᠮᠤᠭ ᠤᠨ ᠦᠨᠳᠦᠷ ᠠᠭᠠᠷ ᠤᠨ ᠲᠤᠯᠠᠭᠠᠨ ᠨᠢ 39 ᠠᠴᠠ ᠲᠡᠭᠡᠭᠰᠢ ᠪᠤᠯᠪᠠᠯ ᠭᠠᠳᠠᠨ᠎ᠠ | ᠠᠵᠢᠯᠯᠠᠬᠤ ᠪᠠᠨ ᠵᠤᠭᠰᠤᠬᠤ ᠬᠡᠷᠡᠭᠳᠡᠢ᠃ | ᠤᠨᠴᠠᠭᠠᠶᠢᠯᠠᠨ ᠰᠠᠨᠠᠭᠤᠯᠬᠤ ᠨᠢ᠂ ᠬᠠᠯᠠᠭᠤᠨ ᠠᠴᠠ ᠪᠤᠯᠤᠭᠰᠠᠨ ᠡᠪᠡᠳᠴᠢᠨ ᠢ ᠤᠷᠢᠳᠴᠢᠯᠠᠨ ᠰᠡᠷᠬᠡᠶᠢᠯᠡᠬᠦ ᠴᠢᠬᠤᠯᠠᠳᠠᠢ᠃ ᠬᠠᠯᠠᠭᠤᠨ ᠤ ᠡᠪᠡᠳᠴᠢᠨ ᠪᠤᠯ | ᠬᠦᠨᠳᠦ ᠨᠠᠷᠠᠰᠢᠬᠤ ᠶᠢᠨ ᠬᠠᠮᠤᠭ ᠬᠦᠨᠳᠦ ᠲᠦᠷᠦᠯ ᠪᠤᠯᠤᠨ᠎ᠠ᠂ ᠬᠦᠳᠡᠯᠮᠦᠷᠢ ᠶᠢᠨ ᠬᠦᠴᠦᠨ ᠤ ᠬᠡᠯᠪᠡᠷᠢ ᠶᠢᠨ ᠪᠠ ᠬᠦᠳᠡᠯᠮᠦᠷᠢ ᠶᠢᠨ ᠬᠦᠴᠦᠨ ᠤ ᠪᠤᠰᠤ ᠬᠡᠯᠪᠡᠷᠢ ᠶᠢᠨ | ᠬᠡᠵᠦ ᠬᠤᠶᠠᠷ ᠵᠦᠢᠯ ᠳᠤ ᠬᠤᠪᠢᠶᠠᠨ᠎ᠠ᠃ ᠨᠢᠬᠡᠳᠦᠬᠡᠷ ᠵᠦᠢᠯ ᠨᠢ ᠤᠯᠠᠩᠭᠢ ᠳᠠᠭᠠᠨ ᠬᠡᠷ ᠤᠨ ᠭᠠᠳᠠᠨᠠᠬᠢ ᠬᠦᠳᠡᠯᠬᠡᠬᠡᠨ᠂ ᠬᠦᠳᠡᠯᠬᠡᠬᠡᠨ ᠬᠢᠬᠦ ᠪᠠ ᠠᠵᠢᠯᠯᠠᠬᠤ | ᠶᠠᠪᠤᠴᠠ ᠳᠤ ᠡᠪᠡᠳᠴᠢᠳᠡᠨ ᠮᠠᠰᠢ ᠲᠦᠷᠬᠡᠨ ᠢᠶᠠᠷ ᠤᠯᠠᠨ ᠡᠷᠬᠡᠳᠡᠨ ᠤ ᠠᠵᠢᠯᠯᠠᠭ᠎ᠠ ᠲᠤᠷᠦ᠋ᠢᠳᠠᠵᠤ᠂ ᠴᠢᠨᠠᠭᠰᠢᠯᠠᠪᠠᠯ ᠠᠮᠢ ᠨᠠᠰᠤᠨ ᠤ ᠠᠶᠤᠯ ᠡᠬᠦᠰᠦᠨ᠎ᠠ᠃ | ᠬᠤᠶᠠᠳᠤᠭᠠᠷ ᠵᠦᠢᠯ ᠨᠢ ᠨᠠᠰᠤ ᠠᠬᠠᠰᠢᠷᠠᠭᠰᠠᠨ᠂ ᠪᠠᠶ᠎ᠠ ᠮᠠᠭᠤᠳᠠᠭᠰᠠᠨ ᠵᠡᠷᠬᠡ ᠬᠦᠮᠦᠰ ᠤᠨ ᠲᠤᠮᠳᠠ ᠤᠯᠠᠨ ᠢᠯᠡᠷᠡᠳᠡᠭ᠃ ᠡᠮᠴᠢᠯᠡᠬᠡᠨ ᠳᠤ ᠨᠠᠰᠤᠳᠠᠶᠢᠴᠤᠳ ᠤᠨ | ᠦᠨᠳᠦᠷ ᠬᠠᠯᠠᠭᠤᠨ ᠳᠤ ᠠᠭᠠᠷ ᠲᠤᠬᠢᠷᠠᠭᠤᠯᠤᠭᠴᠢ ᠶᠢ ᠬᠡᠷᠡᠭᠯᠡᠬᠦ ᠦᠬᠡᠢ ᠠᠴᠠ ᠪᠤᠯᠬᠤ ᠡᠮᠨᠡᠯᠬᠡ ᠳᠤ ᠬᠦᠷᠬᠡᠭᠰᠡᠨ ᠡᠪᠡᠳᠴᠢᠨ ᠤ ᠵᠢᠱᠢᠶ᠎ᠠ ᠢᠯᠡᠷᠡᠵᠦ ᠦᠡᠭᠭᠡᠷᠡᠭᠰᠡᠨ | ᠶᠤᠮ᠃ |