ᠰᠣᠪᠣᠷᠭ᠎ᠠ ᠪᠠᠯᠭᠠᠰᠣᠨ ᠤ ᠰᠠᠶᠢᠨ ᠡᠭᠦᠯᠳᠡᠷ ᠤᠨ ᠦᠷ᠎ᠡ ᠶᠢᠨ ᠮᠠᠯ ᠤᠨ ᠵᠠᠬ᠎ᠠ ᠬᠥᠭᠵᠢᠶᠡᠨ ᠲᠠᠢ ᠪᠠᠶᠢᠨ᠎ᠡ
ᠨᠡᠶᠢᠲᠡᠯᠡᠭᠰᠡᠨ ᠴᠠᠭ᠄
2024/7/4
      ᠰᠣᠪᠣᠷᠭ᠎ᠠ ᠪᠠᠯᠭᠠᠰᠣᠨ ᠤ ︽ᠮᠢᠩᠭᠠᠢ︾ ᠨᠣᠣᠯᠣᠭᠤᠷ ᠤᠨ ᠴᠠᠭᠠᠨ ᠢᠮᠠᠭ᠎ᠠ ᠨᠢ ᠨᠤᠤᠯᠤᠭᠤᠷ ᠤᠨ ᠭᠠᠷᠣᠯᠲᠠ ᠶᠡᠭᠡ᠂ ᠨᠢᠭᠲᠠᠴᠠ ᠰᠠᠶᠢᠨ ᠵᠡᠷᠭᠡ ᠲᠠᠯ᠎ᠠ ᠪᠠᠷ ᠣᠶᠢᠷ᠎ᠡ ᠬᠤᠯᠠ ᠳᠤ ᠪᠠᠨ ᠨᠡᠷ᠎ᠡ ᠲᠠᠢ ᠪᠠᠶᠢᠵᠤ᠂ ᠣᠶᠢᠷ᠎ᠡ ᠶᠢᠨ ᠵᠢᠯ ᠳᠤ ᠨᠡᠩ ᠴᠤ ᠵᠠᠰᠠᠭ ᠤᠨ ᠣᠷᠳᠣᠨ ᠠᠴᠠ ᠲᠡᠮᠵᠢᠬᠦ ᠬᠦᠴᠦᠯᠡᠴᠡ ᠪᠠᠨ ᠲᠠᠰᠣᠷᠠᠯᠲᠠ ᠦᠭᠡᠢ ᠨᠡᠮᠡᠭᠳᠡᠭᠦᠯᠦᠭᠰᠡᠨ ᠢᠶᠠᠷ ︽ᠮᠢᠩᠭᠠᠢ︾  ᠨᠤᠤᠯᠤᠭᠤᠷ ᠤᠨ ᠢᠮᠠᠭ᠎ᠠ ᠮᠠᠯᠵᠢᠬᠤ ᠡᠷᠦᠭᠡ ᠤᠯᠠᠨ ᠪᠣᠯᠵᠤ᠂ ᠵᠢᠯ ᠪᠣᠯᠭᠠᠨ ︽ᠮᠢᠩᠭᠠᠢ︾ ᠨᠣᠣᠯᠣᠭᠤᠷ ᠤᠨ ᠢᠮᠠᠭᠠᠨ ᠤ ᠰᠢᠯᠭᠠᠷᠠᠭᠤᠯᠣᠯᠲᠠ ᠵᠡᠷᠭᠡ ᠨᠢᠭᠡ ᠰᠢᠷᠢᠰ ᠰᠣᠷᠲᠠᠯᠴᠢᠯᠠᠭ᠎ᠠ ᠤᠬᠠᠭᠤᠯᠭ᠎ᠠ ᠶᠢᠨ ᠠᠵᠢᠯ ᠢ ᠰᠠᠶᠢᠨ ᠬᠢᠭᠰᠡᠨ ᠢᠶᠠᠷ ᠭᠠᠳᠠᠨ᠎ᠠ ᠣᠷᠣᠨ ᠠᠴᠠ ᠤᠯᠠᠨ ᠠᠷᠠᠯᠵᠢᠶᠠᠴᠢᠨ ᠠᠳᠠ ᠢᠷᠡᠵᠤ ᠦᠷ᠎ᠡ ᠶᠢᠨ ᠮᠠᠯ ᠰᠣᠩᠭᠤᠨ ᠠᠪᠬᠤ ᠪᠣᠯᠵᠡᠢ᠃      ︽ᠮᠢᠩᠭᠠᠢ︾ ᠨᠣᠣᠯᠣᠭᠤᠷ ᠤᠨ ᠴᠠᠭᠠᠨ ᠢᠮᠠᠭ᠎ᠠ ᠶᠢᠨ ᠨᠡᠶᠢᠭᠡᠮᠯᠢᠭ ᠤᠨ ᠤᠤᠯ ᠤᠨ ᠲᠠᠷᠤᠭ᠎ᠠ  ᠳ᠋ᠦ᠋ ᠡᠦ ᠽᠧ᠄ ︽ᠨᠢᠳᠣᠨᠣᠨ ᠪᠠᠯᠭᠠᠰᠣᠨ ᠤ ᠵᠠᠰᠠᠭ ᠤᠨ ᠣᠷᠳᠣᠨ ᠠᠴᠠ 500 ᠢᠯᠡᠭᠦᠤ ᠲᠦᠮᠡᠨ ᠲᠦᠭᠦᠷᠢᠭ ᠵᠠᠷᠣᠴᠠᠭᠤᠯᠵᠤ ᠡᠶᠢᠮᠦᠷᠬᠦ ᠮᠠᠯ ᠠᠷᠠᠯᠵᠢᠶᠠᠯᠠᠬᠤ ᠵᠠᠬ᠎ᠠ ᠶᠢ ᠨᠡᠭᠡᠭᠡᠵᠤ ᠥᠭᠭᠦᠭᠰᠡᠨ ᠢᠶᠠᠷ ᠣᠶᠢᠷ᠎ᠡ ᠬᠠᠪᠢ ᠶᠢᠨ ᠮᠠᠯᠴᠢᠳ ᠤᠨ ᠦᠷ᠎ᠡ ᠶᠢᠨ ᠮᠠᠯ ᠢᠶᠠᠨ ᠪᠣᠷᠣᠯᠠᠭᠤᠯᠬᠤ ᠳᠤ ᠮᠠᠰᠢ ᠳᠦᠭᠦᠮ ᠢ ᠦᠵᠡᠭᠦᠯᠬᠦ ᠪᠣᠯᠣᠯ᠎ᠡ᠃ ᠥᠨᠥᠳᠦᠷ ᠪᠠᠷᠤᠭ ᠵᠠᠭᠤᠭᠠᠳ ᠦᠷ᠎ᠡ ᠎ ᠶᠢᠨ ᠮᠠᠯ ᠢᠷᠡᠵᠤ᠂ ᠳᠠᠯᠠᠳ ᠬᠤᠰᠢᠭᠤ᠂ ᠱᠠᠨᠰᠢ ᠮᠤᠵᠢ ᠵᠡᠷᠭᠡ ᠭᠠᠵᠠᠷ ᠠᠴᠠ ᠠᠷᠠᠯᠵᠢᠶᠠᠴᠢᠨ ᠢᠷᠡᠵᠤ ᠲᠤᠭᠤᠭᠰᠠᠨ ᠦᠷ᠎ᠡ ᠶᠢᠨ ᠮᠠᠯ ᠢᠶᠠᠨ ᠦᠨ᠎ᠡ ᠬᠠᠶᠠᠨ ᠰᠣᠩᠭᠤᠨ ᠠᠪᠴᠤ ᠪᠠᠶᠢᠨ᠎ᠡ᠃ ᠦᠷᠯᠦᠭᠡ ᠠᠴᠠ ᠣᠳᠤ ᠪᠣᠯᠲᠠᠯ᠎ᠠ ᠠᠷᠪᠡ ᠢᠯᠡᠭᠦᠤ ᠲᠦᠮᠡᠨ ᠲᠦᠭᠦᠷᠢᠭ ᠤᠨ ᠮᠠᠶᠢᠮᠠᠢ ᠪᠦᠲᠦᠭᠰᠡᠨ ᠪᠠᠶᠢᠨ᠎ᠡ ︾ ᠭᠡᠯ᠎ᠡ᠃      ᠰᠣᠷᠪᠣᠯᠵᠢᠯᠠᠭᠴᠢ ᠶᠢᠨ ᠣᠶᠢᠯᠠᠭᠠᠭᠰᠠᠨ ᠢᠶᠠᠷ᠂ ᠣᠳᠣᠬᠠᠨ ᠳᠤ ᠡᠵᠡᠨ ᠬᠤᠷᠤᠭ᠎ᠠ ᠬᠤᠰᠢᠭᠤᠨ ᠤ ᠰᠣᠪᠣᠷᠭ᠎ᠠ ᠪᠠᠯᠭᠠᠰᠣᠨ ᠳᠤ ︽ᠮᠢᠩᠭᠠᠢ︾ ᠨᠣᠣᠯᠣᠭᠤᠷ ᠤᠨ ᠴᠠᠭᠠᠨ ᠢᠮᠠᠭ᠎ᠠ ᠮᠠᠯᠵᠢᠵᠤ ᠪᠠᠶᠢᠭ᠎ᠠ ᠡᠷᠦᠭᠡ 1200 ᠢᠯᠡᠭᠦᠤ ᠪᠠᠶᠢᠵᠤ᠂ ᠲᠤᠭ᠎ᠠ ᠲᠣᠯᠣᠭᠠᠢ ᠨᠢ 8.5 ᠲᠦᠮᠠ ᠳᠤ ᠬᠦᠷᠴᠤ ᠮᠠᠯᠴᠢᠳ ᠤᠨ ᠨᠣᠣᠯᠣᠭᠤᠷ ᠤᠨ ᠴᠠᠭᠠᠨ ᠢᠮᠠᠭ᠎ᠠ ᠮᠠᠯᠵᠢᠬᠤ ᠢᠳᠡᠪᠬᠢᠵᠢᠯ ᠵᠢᠯ ᠠᠴᠠ ᠵᠢᠯ ᠰᠠᠶᠢᠨ ᠪᠣᠯᠵᠤ ᠲᠤᠭ᠎ᠠ ᠲᠣᠯᠣᠭᠠᠢ ᠨᠢ ᠴᠤ ᠨᠡᠮᠡᠭᠳᠡᠵᠦ ᠪᠠᠶᠢᠨ᠎ᠡ᠃  
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ