ᠡᠵᠡᠨ ᠬᠤᠷᠤᠭ᠎ᠠ ᠬᠤᠰᠢᠭᠤᠨ ᠳᠤ ᠵᠢᠯᠣᠭᠤᠴᠢ ᠥᠬᠡᠶ ᠨᠢᠰᠬᠡᠯ ᠭᠤᠤᠯ ᠮᠦᠷᠡᠨ ᠢ ᠬᠠᠮᠠᠭᠠᠯᠠᠬᠤ ︽ᠰᠠᠶᠢᠨ ᠴᠠᠭᠳᠠᠭᠴᠢ︾  ᠪᠣᠯᠤᠯ᠎ᠡ
ᠨᠡᠶᠢᠲᠡᠯᠡᠭᠰᠡᠨ ᠴᠠᠭ᠄
2024/7/17
      ᠡᠵᠡᠨ ᠬᠤᠷᠤᠭ᠎ᠠ ᠬᠤᠰᠢᠭᠤ ᠭᠤᠤᠯ ᠮᠥᠷᠡᠨ ᠨᠠᠭᠤᠷ ᠴᠥᠭᠦᠷᠥᠮ ᠢ ᠬᠠᠮᠠᠭᠠᠯᠠᠬᠤ ᠳᠦᠷᠢᠮ ᠢ ᠴᠢᠩᠭ᠎ᠠ ᠬᠡᠷᠡᠭᠵᠢᠬᠦᠯᠬᠦ ᠶᠢᠨ ᠵᠡᠷᠭᠡ ᠳᠤ ᠴᠠᠭᠳᠠᠨ ᠪᠠᠶᠢᠴᠠᠭᠠᠬᠤ ᠶᠠᠪᠤᠴᠠ᠂ ᠠᠯᠬᠤᠮ ᠪᠦᠷᠢ ᠳᠤ ᠪᠠᠨ ᠰᠢᠨ᠎ᠡ ᠶᠢ ᠡᠭᠦᠳᠦᠨ ᠂ ᠰᠢᠰᠲ᠋ᠧᠮ ᠲᠠᠢ ᠪᠤᠯᠭᠠᠵᠤ᠂ ᠭᠤᠤᠯ ᠮᠥᠷᠡᠨ ᠨᠠᠭᠤᠷ ᠴᠥᠭᠦᠷᠥᠮ ᠤᠨ ᠠᠮᠢ ᠠᠬᠤᠢ ᠶᠢ ᠤᠯᠠᠮ ᠰᠠᠶᠢᠨ ᠪᠤᠯᠭᠠᠵᠣ ᠪᠠᠶᠢᠨ᠎ᠠ ᠃      ᠤᠯᠠᠭᠠᠨᠮᠥ᠋ᠷᠡᠨ ᠭᠤᠤᠯ ᠤᠨ ᠳᠡᠭᠡᠭᠦᠷ ᠠᠵᠢᠯᠲᠠᠨ ᠡᠳᠦᠷ ᠪᠦᠷᠢ ᠵᠢᠯᠣᠭᠤᠴᠢ ᠥᠬᠡᠶ ᠨᠢᠰᠬᠡᠯ ᠢᠶᠠᠷ ᠲᠣᠭᠲᠠᠭᠰᠠᠨ ᠬᠤᠭᠤᠴᠠᠭᠠᠨ ᠳᠤ ᠭᠤᠤᠯ ᠮᠥᠷᠡᠨ ᠢ ᠲᠣᠭᠤᠷᠢᠨ ᠪᠠᠶᠢᠴᠠᠭᠠᠵᠤ᠂  ᠭᠤᠣᠯ ᠮᠦᠷᠡᠨ ᠤ ᠲᠠᠭᠠᠣ ᠳᠤᠷ᠎ᠠ ᠪᠠᠷ ᠲᠣᠣᠷ ᠬᠦᠷᠢᠶ᠎ᠡ ᠲᠠᠲᠠᠭᠰᠠᠨ᠂ ᠵᠢᠭᠠᠰᠤ ᠠᠩᠨᠠᠭᠰᠠᠨ᠂ ᠭᠡᠰᠡᠭᠯᠡᠵᠦ ᠬᠡᠷᠡᠭᠯᠡᠭᠰᠡᠨ ᠵᠡᠷᠭᠡ ᠪᠠᠶᠢᠳᠠᠯ ᠳᠤ ᠨᠠᠷᠢᠨ ᠪᠠᠶᠢᠴᠠᠭᠠᠯᠲᠠ ᠬᠢᠵᠦ ᠬᠦᠳᠡᠯᠦᠩᠭᠦᠢ ᠲᠤᠭ᠎ᠠ ᠪᠠᠷᠢᠮᠲᠠ ᠶᠢ ᠳᠠᠩᠰᠠᠯᠠᠳᠠᠭ ᠪᠠᠶᠢᠨ᠎ᠠ ᠃      ᠴᠠᠭᠳᠠᠨ ᠪᠠᠶᠢᠴᠠᠭᠠᠬᠤ ᠪᠦᠯᠬᠦᠮ ᠤᠨ ᠠᠵᠢᠯᠲᠠᠨ ᠯᠢᠦ ᠬᠤᠩ ᠰᠢᠨ ᠰᠤᠷᠪᠤᠯᠵᠢᠯᠠᠭᠴᠢ ᠳᠤ᠄ ︽ᠪᠤᠰᠤᠳ ᠲᠣᠭᠠᠴᠢᠯᠠᠭᠰᠠᠨ  ᠴᠠᠭᠳᠠᠨ ᠪᠠᠶᠢᠴᠠᠭᠠᠬᠤ ᠲᠥᠷᠥᠯ ᠵᠣᠶᠢᠯ ᠲᠠᠢ ᠬᠠᠷᠢᠴᠠᠭᠤᠯᠪᠠᠯ᠂ ᠪᠢᠳᠡᠨ ᠤ ᠬᠠᠮᠤᠭ ᠤᠨ ᠶᠡᠭᠡ ᠳᠠᠪᠠᠭᠤᠯᠢᠭ ᠪᠣᠯ ᠳᠠᠷᠤᠶ AI ᠤᠶᠤᠨᠲᠤ ᠢᠯᠭᠠᠨ ᠲᠠᠨᠢᠬᠤ ᠰᠢᠰᠲ᠋ᠧᠮ ᠢ ᠨᠡᠮᠡᠭᠳᠡᠭᠦᠯᠦᠭᠰᠡᠨ ᠶᠠᠪᠤᠳᠠᠯ ᠪᠣᠯᠤᠨ᠎ᠠ᠃ ᠭᠤᠤᠯ ᠢ ᠴᠠᠭᠳᠠᠬᠤ ᠶᠠᠪᠤᠴᠠ ᠳᠤ᠂ ᠵᠢᠯᠣᠭᠤᠴᠢ ᠥᠬᠡᠶ ᠨᠢᠰᠬᠡᠯ ᠨᠢ AI ᠤᠶᠤᠨᠲᠤ ᠢᠯᠭᠠᠨ ᠲᠠᠨᠢᠬᠤ ᠰᠢᠰᠲ᠋ᠧᠮ ᠲᠠᠢ ᠤᠶᠠᠯᠳᠤᠭᠤᠯᠵᠣ᠂ ᠬᠠᠤᠯᠢ ᠪᠤᠰᠤ ᠪᠠᠷ ᠡᠯᠡᠰᠦ ᠮᠠᠯᠲᠠᠬᠤ᠂  ᠵᠢᠭᠠᠰᠤ ᠠᠩᠨᠠᠬᠤ᠂  ᠭᠤᠤᠯ ᠤᠨ ᠨᠢᠭᠤᠷ ᠲᠠᠬᠢ ᠰᠡᠵᠢᠭᠯᠡᠯᠲᠡᠶ ᠬᠥᠪᠦᠮᠡᠯ ᠪᠣᠳᠠᠰ ᠵᠡᠷᠭᠡ ᠭᠤᠤᠯ ᠮᠥᠷᠡᠨ ᠳᠤ ᠬᠤᠯᠪᠣᠭᠳᠠᠭᠰᠠᠨ ᠣᠯᠠᠨ  ᠵᠣᠶᠢᠯ ᠤᠨ ᠬᠠᠤᠯᠢ ᠠᠴᠠ ᠵᠥᠷᠢᠴᠡᠭᠰᠡᠨ ᠦᠢᠯᠡ ᠠᠵᠢᠯᠯᠠᠭ᠎ᠠ ᠶᠢ ᠠᠦ᠋ᠲ᠋ᠣ᠋ ᠪᠠᠷ ᠢᠯᠭᠠᠨ ᠲᠠᠨᠢᠬᠤ ᠶᠢ ᠪᠡᠶᠡᠯᠡᠭᠦᠯᠵᠦ  ᠴᠢᠳᠠᠨ᠎ᠠ ︾ ᠭᠡᠵᠡᠢ       ᠣᠶᠢᠯᠠᠭᠠᠭᠰᠠᠨ ᠢᠶᠠᠷ ᠂  ᠡᠨᠡᠭᠦ  ᠵᠢᠯᠣᠭᠤᠴᠢ ᠦᠭᠡᠢ  ᠨᠢᠰᠬᠡᠯ ᠢᠶᠠᠷ ᠢᠯᠭᠠᠨ ᠲᠠᠨᠢᠭᠰᠠᠨ ᠤ ᠳᠠᠷᠠᠭ᠎ᠠ ᠰᠢᠰᠲ᠋ᠧᠮ ᠨᠢ ᠣᠬᠤᠷ ᠸᠢᠳᠢᠣ᠋᠂ ᠵᠢᠷᠤᠭ᠂ ᠭᠠᠵᠠᠷ ᠵᠦᠶ ᠶᠢᠨ ᠪᠠᠶᠢᠷᠢᠯᠠᠯ ᠵᠡᠷᠭᠡ ᠶᠢ ᠪᠠᠭᠲᠠᠭᠠᠭᠰᠠᠨ ᠮᠡᠳᠡᠭᠡ ᠵᠠᠩᠭᠢ ᠶᠢ ᠠᠵᠢᠯᠲᠠᠨ ᠳᠤ ᠬᠦᠷᠭᠡᠵᠦ᠂ ᠬᠠᠮᠢᠶᠠᠷᠴᠤ ᠬᠠᠮᠠᠭᠠᠯᠠᠬᠤ ᠠᠵᠢᠯᠲᠠᠨ ᠨᠢ ᠬᠤᠷᠢᠶᠠᠨ ᠣᠯᠤᠭᠰᠠᠨ ᠮᠡᠳᠡᠭᠡ ᠵᠠᠩᠭᠢ ᠪᠠᠨ ᠦᠨᠳᠦᠰᠦᠯᠡᠨ ᠴᠠᠭ ᠲᠤᠬᠠᠶ ᠳᠤᠨᠢ ᠲᠠᠷᠠᠭᠠᠴᠢ ᠶᠢᠨ  ᠰᠢᠢᠳᠪᠦᠷᠢᠯᠡᠯᠲᠡ ᠬᠢᠳᠡᠭ ᠪᠠᠶᠢᠨ᠎ᠠ᠃  ᠲᠤᠰ ᠲᠦᠷᠤᠯ ᠵᠣᠶᠢᠯ ᠢ  ᠲᠤᠷᠰᠢᠨ  ᠠᠵᠢᠯᠯᠠᠭᠤᠯᠣᠭᠰᠠᠨ ᠠᠴᠠ   ᠨᠠᠭᠠᠰᠢ᠂ ᠨᠡᠶᠢᠲᠡ 341 ᠤᠳᠠᠭ᠎ᠠ ᠨᠢᠰᠣᠨ᠂  ᠨᠢᠰᠦᠭᠰᠡᠨ ᠵᠠᠢ ᠨᠢ 1202.65 ᠺᠢᠯᠣᠮᠧᠲᠷ ᠲᠤ ᠬᠦᠷᠴᠤ᠂  ᠤᠳᠣ ᠪᠤᠯᠲᠠᠯ᠎ᠠ ᠡᠵᠡᠨ ᠬᠤᠷᠤᠭ᠎ᠠ ᠬᠤᠰᠢᠭᠤᠨ ᠤ ᠬᠠᠷᠢᠶᠠᠨ ᠳᠤ ᠪᠠᠶᠢᠭ᠎ᠠ ᠭᠤᠣᠯ ᠮᠦᠷᠡᠨ ᠤ ᠲᠠᠭᠠᠤ ᠬᠠᠤᠯᠢ ᠪᠤᠰᠣ ᠠᠵᠢᠯᠯᠠᠭ᠎ᠠ ᠶᠢ ᠢᠯᠡᠷᠡᠭᠦᠯᠦᠭᠰᠡᠨ ᠦᠭᠡᠢ᠃ ᠵᠢᠯᠣᠭᠤᠴᠢ ᠦᠭᠡᠢ ᠨᠢᠰᠬᠡᠯ ᠢᠶᠠᠷ ᠭᠤᠣᠯ ᠮᠦᠷᠡᠨ ᠢ ᠴᠠᠭᠳᠠᠨ ᠪᠠᠶᠢᠴᠠᠭᠠᠬᠤ ᠪᠤᠯᠤᠭᠰᠠᠨ ᠨᠢ ᠬᠦᠮᠦᠨ ᠤ ᠬᠦᠴᠦ᠂ ᠪᠤᠳᠠᠰ ᠤᠨ ᠬᠦᠴᠦᠨ ᠢ ᠶᠡᠭᠡᠭᠡᠨ ᠠᠷᠪᠢᠯᠠᠵᠣ ᠴᠢᠳᠠᠭᠰᠠᠨ ᠮᠦᠷᠳᠡᠭᠡᠨ ᠲᠤᠭ᠎ᠠ ᠪᠠᠷᠢᠮᠲᠠ ᠶᠢᠨ ᠲᠠᠯ᠎ᠠ ᠳᠤ ᠬᠦᠮᠦᠷᠭᠡ ᠲᠠᠢ ᠪᠣᠯᠵᠤ᠂ ᠭᠤᠣᠯ ᠮᠦᠷᠡᠨ᠂ ᠨᠠᠭᠤᠷ ᠴᠦᠬᠦᠷᠦᠮ ᠤᠨ ᠲᠠᠭᠠᠤ ᠠᠮᠢ ᠠᠬᠤᠢ ᠶᠢ ᠬᠠᠮᠠᠭᠠᠯᠠᠬᠤ ᠳᠤ ᠰᠢᠨ᠎ᠡ ᠭᠠᠷᠬᠤ ᠵᠠᠮ ᠢ ᠪᠣᠢ ᠪᠣᠯᠭᠠᠵᠤ ᠦᠭᠴᠡᠢ ᠃  
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ