ᠵᠡᠬᠦᠳᠦᠨ ᠲᠡᠷᠭᠡᠯ ᠤᠷᠳᠤᠰ
ᠨᠡᠶᠢᠲᠡᠯᠡᠭᠰᠡᠨ ᠴᠠᠭ᠄
2024/7/1
        ● ᠦ᠋ ᠵᠡᠩ ᠶᠦᠸᠧ  ᠠᠰᠢᠳᠠ ᠶᠢᠨ ᠲᠡᠭᠷᠢ ᠭᠡᠵᠦ ᠴᠢᠮ᠎ᠠ ᠶᠢ ᠵᠡᠬᠦᠳᠦᠯᠡᠬᠦ ᠳᠤᠠᠩᠭᠢᠷ ᠰᠢᠪᠠᠭᠤᠳ ᠠᠭᠠᠷ ᠴᠠᠯᠭᠢᠯᠠᠳᠠᠯ᠎ᠠ ᠵᠢᠷᠭᠢᠨᠡᠮᠠᠯᠳᠠᠨ ᠦᠳᠦ ᠪᠠᠷ ᠢᠶᠠᠨ ᠤᠭᠳᠠᠷᠭᠤᠢ ᠳᠤ ᠲᠠᠳᠠᠯᠠᠭᠰᠠᠨ ᠵᠢᠷᠤᠭ ᠨᠢᠠᠯᠢ ᠡᠷᠳᠡᠨ ᠤ ᠭᠠᠵᠠᠷ ᠤᠨ ᠵᠢᠷᠤᠭ ᠭᠡᠮᠡᠷᠠᠭᠢᠨ ᠲᠠᠭᠢᠨ ᠬᠠᠷᠠᠬᠤ ᠳᠤ ᠡᠪᠦᠭᠡ ᠶᠢᠨ ᠮᠢᠨᠢ ᠠᠮᠢᠨ ᠡᠷᠳᠡᠨᠢᠠᠮᠢᠳᠤᠷᠠᠯ ᠤᠨ ᠨᠢᠭᠤᠴᠠ — ᠵᠢᠷᠠᠨ ᠵᠢᠷᠤᠬᠠᠢ ᠴᠦ ᠭᠡᠮᠡᠷ ᠡ︕ᠤᠷᠭᠤᠬᠤ ᠨᠠᠷᠠᠨ ᠭᠡᠵᠦ ᠴᠢᠮ᠎ᠠ ᠶᠢ ᠵᠡᠬᠦᠳᠦᠯᠡᠬᠦ ᠳᠤᠦᠷᠭᠡᠨ ᠰᠢᠯᠢ ᠳᠤ ᠴᠢᠨᠢ ᠬᠤᠶᠠᠷ ᠵᠠᠭᠠᠯ ᠦᠤᠷᠰᠡᠨᠡᠮᠤᠨᠢᠶᠠᠷ ᠬᠦᠳᠡᠩ ᠭᠤᠤᠯ ᠠᠴᠠ ᠪᠠᠨ ᠡᠭᠢᠯᠡᠵᠦ ᠰᠡᠮᠡᠷᠡᠭᠡᠳᠤᠵᠤᠭᠤᠷ ᠰᠤᠳᠤᠷ ᠤᠨ ᠬᠠᠭᠤᠳᠠᠰᠤ ᠰᠡᠬᠦᠬᠦ ᠭᠡᠮᠡᠷᠦᠷᠦᠮᠡᠨ ᠰᠢᠷᠭᠠᠯ ᠴᠠᠢ ᠶᠢᠨ ᠦᠨᠦᠷ ᠰᠡᠩᠭᠢᠨᠡᠭᠡᠳᠤᠢ ᠶᠢᠨ ᠨᠠᠪᠴᠢᠰ ᠨᠦᠢᠷ ᠠᠴᠠ ᠪᠠᠨ ᠰᠡᠷᠡᠬᠦ ᠴᠦ ᠭᠡᠮᠡᠷ ᠡ︕ᠲᠡᠷᠭᠡᠯ ᠰᠠᠷᠠᠨ ᠭᠡᠵᠦ ᠴᠢᠮ᠎ᠠ ᠶᠢ ᠵᠡᠬᠦᠳᠦᠯᠡᠬᠦ ᠳᠤᠲᠠᠯ᠎ᠠ ᠶᠢᠨ ᠡᠪᠡᠰᠦᠨ ᠤ ᠢᠨᠢᠶᠡᠮᠰᠦᠭᠯᠡᠯ ᠢᠳᠡᠭᠡᠯ ᠢ ᠮᠢᠨᠢ ᠢᠷᠯᠡᠨ᠎ᠡᠲᠠᠨ᠎ᠠ ᠰᠤᠪᠤᠳ ᠰᠢᠭ ᠰᠢᠬᠦᠳᠡᠷᠢ ᠶᠢᠨ ᠮᠦᠩᠬᠦᠨ ᠤᠰᠤᠨᠲᠡᠦᠭᠡ ᠶᠢᠨ ᠪᠠᠭᠠᠳᠤᠷ ᠤᠨ ᠭᠡᠭᠡᠨ ᠰᠦᠨᠡᠰᠦ ᠭᠡᠮᠡᠷᠲᠦᠨᠡᠷ ᠬᠠᠷᠠᠩᠭᠤᠢ ᠶᠢ ᠭᠡᠶᠢᠬᠦᠯᠦᠭᠰᠡᠨ ᠰᠦᠨ ᠲᠤᠶᠠᠭ᠎ᠠ ᠨᠢᠲᠡᠯᠡᠭᠡᠢ ᠶᠢ ᠰᠡᠭᠡᠭᠡᠷᠡᠬᠦᠯᠦᠭᠰᠡᠨ ᠪᠤᠭᠳᠠ ᠶᠢᠨ ᠬᠠᠶᠢᠷ᠎ᠠ ᠴᠦ ᠭᠡᠮᠡᠷ ᠡ︕ᠤᠴᠢᠯᠠᠭᠰᠠᠨ ᠤᠳᠤᠨ ᠭᠡᠵᠦ ᠴᠢᠮ᠎ᠠ ᠶᠢ ᠵᠡᠬᠦᠳᠦᠯᠡᠬᠦ ᠳᠤᠤᠩᠭᠤᠨ ᠪᠤᠳᠤᠯ ᠡᠴᠢᠨ᠎ᠡ ᠭᠢᠵᠠᠭᠠᠷ ᠲᠤ ᠨᠢᠰᠦᠨᠡᠮᠦᠷᠯᠦᠭ ᠲᠡᠭᠡᠳᠦᠰ ᠤᠨ ᠦᠪ ᠲᠤᠤᠯᠢ ᠶᠢᠨ ᠬᠠᠶᠢᠯᠠᠭᠠᠨ ᠳᠤᠦᠭᠡᠷ ᠴᠢᠯᠠᠭᠤᠳ ᠬᠦᠷᠦᠰᠦ ᠪᠠᠨ ᠲᠠᠶᠢᠳᠬᠤᠷᠠᠳᠠᠯ᠎ᠠ ᠠᠮᠢᠰᠬᠤᠭᠠᠬᠤ ᠭᠡᠮᠡᠷᠡᠷᠬᠦᠭᠰᠡᠨ ᠰᠠᠴᠤᠯᠢ ᠠᠴᠠ ᠦᠨᠡᠨ ᠤ ᠭᠡᠭᠡ ᠤᠷᠭᠤᠭᠠᠳᠤᠷᠤᠰᠬᠠᠯ ᠤᠰᠤᠨ ᠠᠴᠠ ᠢᠯᠠᠯᠳᠠ ᠶᠢᠨ ᠤᠤᠬᠠᠢ ᠲᠤᠭᠤᠯᠳᠠᠬᠤ ᠴᠦ ᠭᠡᠮᠡᠷ ᠡ︕ᠮᠦᠩᠭᠡ ᠶᠢᠨ ᠠᠭᠤᠯᠠ ᠭᠡᠵᠦ ᠴᠢᠮ᠎ᠠ ᠶᠢ ᠵᠡᠬᠦᠳᠦᠯᠡᠬᠦ ᠳᠤᠮᠢᠨᠳᠠᠰᠤᠨ ᠴᠠᠭᠠᠨ ᠡᠬᠦᠯᠡ ᠪᠤᠷᠤᠭᠠᠨ ᠪᠤᠯᠵᠦ ᠱᠠᠭᠢᠨᠠᠮᠮᠢᠩᠭᠠᠨ ᠨᠠᠰᠤᠳᠤ ᠱᠠᠩᠰᠢ ᠶᠢᠨ ᠠᠩᠭᠠᠯ ᠶᠢ ᠲᠠᠶᠢᠯᠤᠭᠠᠳᠮᠢᠨᠵᠢ ᠶᠢᠨ ᠬᠠᠩᠭᠠᠢ ᠳᠤ ᠰᠤᠯᠤᠩᠭ᠎ᠠ ᠲᠠᠳᠠᠬᠤ ᠭᠡᠮᠡᠷᠮᠦᠰᠢᠶᠡᠵᠦ ᠲᠡᠯᠭᠡᠷᠡᠭᠰᠡᠨ ᠦᠩᠭᠡ ᠪᠦᠷᠢ ᠶᠢᠨ ᠴᠡᠴᠡᠭ ᠨᠢᠮᠠᠷᠭᠠᠰᠢ ᠪᠠᠨ ᠤᠭᠳᠤᠬᠤ ᠤᠩᠭᠤᠨ ᠰᠦᠯᠳᠡ ᠴᠦ ᠭᠡᠮᠡᠷ ᠡ︕ᠴᠠᠩᠭᠡᠷ ᠲᠠᠯᠠᠢ ᠭᠡᠵᠦ ᠴᠢᠮ᠎ᠠ ᠶᠢ ᠵᠡᠬᠦᠳᠦᠯᠡᠬᠦ ᠳᠤᠴᠡᠭᠡᠯ ᠤᠨ ᠬᠦᠨ ᠠᠴᠠ ᠨᠢ ᠠᠯᠳᠠᠨ ᠵᠢᠭᠠᠰᠤ ᠴᠣᠯᠬᠢᠨᠠᠮᠴᠠᠭᠠᠨ ᠮᠤᠷᠢ ᠲᠠᠢ ᠬᠤᠤᠰ ᠡᠷ᠎ᠡ ᠴᠢᠨᠠᠳᠤ ᠡᠷᠭᠢ ᠳᠤᠨᠢᠴᠠᠭ ᠤᠨ ᠲᠤᠬᠠᠢ ᠬᠠᠭᠤᠴᠢᠯᠠᠵᠦ ᠰᠠᠭᠤᠬᠤ ᠭᠡᠮᠡᠷᠴᠠᠯᠭᠢᠯᠠᠵᠦ ᠬᠦᠷᠭᠢᠷᠡᠬᠦ ᠪᠠᠷ ᠦᠭᠡ ᠨᠢ ᠬᠠᠶᠠ ᠲᠠᠰᠤᠯᠳᠠᠭᠰᠠᠨ ᠴᠦᠴᠡᠭᠡᠵᠢᠨ ᠲᠤᠳᠤᠷ᠎ᠠ ᠤᠷᠤᠰᠢᠬᠤᠢ ᠶᠢᠨ ᠤᠬᠠᠭᠠᠨ ᠬᠤᠪᠢᠯᠬᠤ ᠴᠦ ᠭᠡᠮᠡᠷ ᠡ︕ᠲᠡᠯᠡᠭᠡᠢ ᠶᠢᠨ ᠨᠢᠭᠤᠴᠠ ᠭᠡᠵᠦ ᠴᠢᠮ᠎ᠠ ᠶᠢ ᠵᠡᠬᠦᠳᠦᠯᠡᠬᠦ ᠳᠤᠲᠤᠭᠤᠷᠠᠢ ᠶᠢᠨ ᠲᠠᠮᠠᠭ᠎ᠠ ᠠᠴᠠ ᠭᠡᠷᠡᠯ ᠤᠨ ᠲᠤᠮᠤᠭ ᠦᠷᠬᠦᠯᠵᠢᠯᠡᠨ᠎ᠡᠲᠤᠷᠤᠨ᠎ᠠ ᠶᠢᠨ ᠦᠨᠳᠦᠷᠯᠢᠭ ᠦᠯᠢᠭᠡᠷ ᠤᠨ ᠬᠢ ᠪᠤᠯᠵᠦᠲᠠᠶᠢᠯᠪᠤᠷᠢᠯᠠᠭᠳᠠᠰᠢ ᠦᠭᠡᠢ ᠨᠢᠭᠡᠨ ᠤᠨᠢᠰᠤᠭ᠎ᠠ ᠭᠡᠮᠡᠷᠲᠡᠮᠡᠭᠡᠨ ᠪᠦᠬᠦ‍ ᠰᠢᠭ ᠵᠦᠢᠷᠡᠢ ᠬᠤᠶᠠᠷ ᠬᠦᠳᠦᠯᠲᠤᠳᠤᠷ᠎ᠠ ᠠᠴᠠ ᠪᠠᠨ ᠡᠭᠢᠯᠡᠵᠦ ᠭᠡᠷᠡᠯᠳᠦᠨ ᠲᠤᠶᠠᠭᠠᠷᠠᠬᠤ ᠭᠡᠮᠡᠷ ᠡ︕ᠵᠦᠩ ᠪᠢᠯᠢᠭᠲᠦ ᠤᠷᠳᠤᠰ ᠭᠡᠵᠦ ᠵᠡᠬᠦᠳᠦᠯᠡᠬᠦ ᠳᠤᠵᠢᠪᠠᠷ ᠬᠦᠷᠳᠡᠯ᠎ᠡ ᠢᠨᠴᠠᠭᠠᠵᠦ ᠵᠦᠪ ᠢᠶᠠᠷ ᠡᠷᠭᠢᠨ᠎ᠡᠵᠢᠷᠦᠭᠡᠨ ᠭᠡᠯᠪᠡᠷᠢᠳᠡᠢ ᠭᠠᠨᠳᠠᠷᠢ ᠶᠢᠨ ᠶᠡᠭᠡ ᠰᠦᠮ᠎ᠡᠵᠠᠭᠤᠨ ᠵᠠᠭᠤᠨ ᠢ ᠡᠪᠭᠡᠭᠰᠡᠨ ᠲᠤᠪᠴᠢᠶᠠᠨ ᠭᠡᠮᠡᠷᠵᠠᠯᠪᠠᠷᠢᠯ ᠲᠠᠭᠠᠳᠬᠠᠯ ᠤᠨ ᠦᠨᠡᠨ ᠤ ᠠᠷᠢᠭᠤᠨ ᠰᠦᠰᠦᠭ ᠠᠴᠠᠵᠤᠯᠪᠤᠭ᠎ᠠ ᠭᠡᠶᠢᠮᠤᠷᠢ ᠶᠢᠨ ᠰᠤᠪᠢᠩ ᠪᠠᠭᠤᠬᠤ ᠭᠡᠮᠡᠷ ᠡ︕ 
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ