ᠪᠠᠯᠴᠢᠷ ᠨᠠᠰᠤᠨ ᠤ ᠬᠡᠦᠬᠡᠳ ᠤᠨ ᠬᠤᠷᠸ᠎ᠠ ᠲᠠᠢ ᠲᠠᠨᠢᠯᠴᠠᠬᠤ ᠳᠤ ᠱᠠᠭᠠᠷᠳᠠᠭᠳᠠᠬᠤ ᠵᠦᠢᠯᠡᠰ
ᠨᠡᠶᠢᠲᠡᠯᠡᠭᠰᠡᠨ ᠴᠠᠭ᠄
2024/7/1
      ᠤᠶᠢᠷ᠎ᠠ ᠲᠤᠲᠤᠨᠤ ᠶᠢᠨ ᠬᠦᠮᠦᠨ ᠲᠠᠢ ᠪᠠᠨ ᠬᠠᠮᠳᠤ ᠪᠠᠶᠢᠭ᠎ᠠ᠂ ᠲᠡᠲᠡ ᠲᠡᠬᠦᠨ ᠢ ᠠᠰᠠᠷᠠᠵᠤ ᠬᠠᠮᠠᠭᠠᠯᠠᠵᠤ ᠪᠠᠶᠢᠳᠠᠭ ᠬᠡᠳᠡᠭ ᠲᠤ ᠢᠳᠡᠬᠡᠯ ᠲᠠᠢ ᠪᠠᠶᠢᠬᠤ᠃ ᠰᠡᠳᠬᠢᠯ ᠰᠠᠨᠠᠭᠠᠨ ᠤ ᠲᠡᠮᠵᠢᠯᠬᠡ ᠶᠢ ᠲᠠᠰᠤᠷᠠᠯᠳᠠ ᠦᠬᠡᠢ ᠦᠭᠬᠦ᠃ ᠵᠤᠷᠢᠭᠵᠢᠭᠤᠯᠬᠤ᠂ ᠪᠠᠶᠠᠷᠯᠠᠭᠤᠯᠬᠤ᠂ ᠤᠷᠮᠠᠰᠢᠭᠤᠯᠬᠤ᠂ ᠮᠠᠭᠳᠠᠬᠤ ︵ᠮᠢᠨᠤ ᠬᠡᠦᠬᠡᠳ ᠴᠢᠨᠢ ᠡᠶᠢᠮᠦ ᠲᠤᠮᠤ ᠰᠠᠨᠳᠠᠯᠢ ᠶᠢ ᠲᠠᠭᠠᠭᠠᠳ ᠡᠷᠬᠦᠴᠢᠬᠡᠯ᠎ᠠ ᠬᠡᠵᠦ ᠤᠤ᠂ ᠭᠠᠶᠢᠬᠠᠮᠠᠷ ᠶᠤᠮ ᠬᠡᠵᠦ ᠬᠡᠯᠡᠬᠦ ᠳᠤ ᠯᠠ ᠬᠦᠦ ᠴᠢᠨᠢ ᠵᠤᠷᠢᠭᠵᠢᠭᠠᠳ ᠪᠢ ᠴᠢᠨᠢ ᠡᠶᠢᠮᠦ ᠴᠢᠳᠠᠯ ᠲᠠᠢ ᠶᠤᠮ ᠪᠠᠶᠢᠨ᠎ᠠ ᠬᠡᠳ ᠦᠪᠡᠷ ᠲᠡᠭᠡᠨ ᠢᠳᠡᠬᠡᠬᠦ ᠢᠳᠡᠬᠡᠯ᠂ ᠮᠦᠨ ᠴᠤ ᠰᠠᠨᠳᠠᠯᠢ ᠶᠢᠨ ᠬᠦᠨᠳᠦ ᠬᠦᠡᠭᠭᠡᠨ ᠢ ᠡᠷᠬᠦᠵᠦ ᠪᠠᠰᠠ ᠴᠢᠷᠴᠦ ᠪᠤᠯᠳᠠᠭ ᠬᠡᠳᠡᠭ ᠢ ᠲᠠᠨᠢᠵᠤ ᠮᠡᠳᠡᠴᠢᠬᠡᠨ᠎ᠠ︶᠃      ᠠᠰᠠᠭᠤᠯᠳᠠ ᠳᠤᠨᠢ ᠲᠤᠬᠢᠷᠠᠭᠰᠠᠨ ᠬᠠᠷᠢᠭᠤᠯᠳᠠ ᠦᠭᠬᠦ ᠨᠢ ᠬᠡᠦᠬᠡᠳ ᠢ ᠬᠤᠷᠸ᠎ᠠ ᠲᠠᠢ ᠲᠠᠨᠢᠯᠴᠠᠬᠤ ᠳᠤ ᠴᠢᠬᠤᠯᠠ ᠱᠠᠭᠠᠷᠳᠠᠯᠭ᠎ᠠ ᠪᠤᠯᠤᠨ᠎ᠠ᠃ ᠶᠠᠭᠠᠬᠢᠭᠠᠳ ᠬᠡᠳᠡᠭ ᠠᠰᠠᠭᠤᠯᠳᠠ ᠪᠤᠯ ᠲᠡᠲᠡᠨ ᠤ ᠰᠤᠨᠢᠷᠬᠠᠨ ᠲᠠᠨᠢᠵᠤ ᠮᠡᠳᠡᠬᠦ ᠬᠦᠰᠡᠯ ᠤᠨ ᠢᠯᠡᠷᠬᠡᠶᠢᠯᠡᠯ᠃ ᠬᠠᠷᠢᠭᠤᠯᠤᠭᠠᠳ ᠪᠠᠶᠢᠭᠠᠷᠠᠢ᠃ ᠮᠠᠨ ᠤ ᠠᠩᠭᠢ ᠶᠢᠨ ᠡᠵᠡᠨᠬᠦᠦ ᠬᠡᠳᠡᠭ ᠬᠦᠬᠡᠷᠦᠬᠦᠨ ᠬᠡᠦᠬᠡᠳ ᠤᠨ ᠡᠳᠦᠷ ᠲᠡᠭᠡᠨ ᠲᠠᠯᠪᠢᠳᠠᠭ ᠠᠰᠠᠭᠤᠯᠳᠠ ᠶᠢ ᠵᠢᠭᠰᠠᠭᠠᠪᠠᠯ᠄ ᠪᠢ ᠶᠠᠭᠠᠬᠢᠭᠠᠳ ᠭᠠᠳᠠᠭ᠎ᠠ ᠭᠠᠷᠬᠤ ᠶᠤᠰᠤᠳᠠᠢ ᠪᠤᠢ︖ ᠮᠢᠨᠤ ᠡᠵᠢ ᠶᠠᠭᠠᠬᠢᠭᠠᠳ ᠠᠵᠢᠯ ᠬᠢᠳᠡᠭ᠂ ᠶᠠᠭᠠᠬᠢᠭᠠᠳ ᠮᠢᠨᠤ ᠡᠵᠢ ᠨᠠᠮ᠎ᠠ ᠶᠢ ᠤᠨᠳᠠᠭᠠᠳ ᠪᠤᠰᠤᠭᠰᠠᠨ ᠤ ᠲᠠᠷᠠᠭ᠎ᠠ ᠠᠪᠳᠠᠭ ᠪᠤᠢ︖ ᠬᠡᠬᠦ ᠮᠡᠳᠦ ᠲᠠᠭᠤᠰᠤᠰᠢ ᠦᠬᠡᠢ ᠠᠰᠠᠭᠤᠯᠳᠠ ᠲᠠᠢ᠃       ᠪᠤᠰᠤᠳ ᠠᠴᠠ ᠬᠠᠮᠢᠶᠠᠷᠤᠯ ᠦᠬᠡᠢ ᠪᠠᠷ ᠪᠠᠶ᠎ᠠ ᠪᠠᠨ ᠲᠠᠭᠠᠭᠠᠨ ᠤᠷᠤᠯᠳᠤᠬᠤ ᠪᠤᠯᠤᠮᠵᠢ ᠤᠯᠭᠤᠬᠤ ᠱᠠᠭᠠᠷᠳᠠᠯᠭ᠎ᠠ ᠲᠠᠢ᠃ ᠎ ᠲᠠᠭᠠᠨ ᠲᠠᠭᠤᠷᠢᠶᠠᠬᠤ ᠵᠠᠭᠪᠤᠷ ᠨᠢ ᠵᠦᠪ ᠪᠠᠶᠢᠬᠤ ᠱᠠᠭᠠᠷᠳᠠᠯᠭ᠎ᠠ ᠲᠠᠢ ︵ᠬᠠᠯᠠᠭᠤᠨ ᠬᠤᠭᠤᠯᠠ ᠴᠠᠢ ᠶᠢ ᠲᠠ ᠰᠢᠭᠤᠳ ᠦᠯᠢᠶᠡᠬᠡᠳ ᠬᠦᠷᠦᠬᠡᠵᠦ ᠦᠭᠬᠦ ᠪᠢᠰᠢ᠂ ᠬᠠᠷᠢᠨ ᠡᠰᠡᠷᠬᠦ ᠪᠠᠷ ᠢᠶᠠᠨ ᠦᠪᠡᠷ ᠢᠶᠠᠨ ᠬᠤᠭᠤᠯᠠ ᠪᠠᠨ ᠦᠯᠢᠶᠡᠵᠦ ᠬᠡᠦᠬᠡᠳ ᠢᠶᠠᠨ ᠲᠠᠭᠠᠭᠤᠯᠤᠭᠠᠳ ᠦᠯᠢᠶᠡᠯᠬᠡᠬᠡᠳ ᠦᠵᠡ᠂ ᠲᠡᠭᠡᠪᠡᠯ ᠬᠡᠦᠬᠡᠳ ᠲᠠᠨᠢ ᠬᠠᠯᠠᠭᠤᠨ ᠵᠦᠢᠯ ᠢ ᠦᠯᠢᠶᠡᠬᠡᠳ ᠬᠦᠷᠦᠬᠡᠵᠦ ᠪᠤᠯᠳᠠᠭ ᠶᠤᠮ ᠪᠠᠶᠢᠨ᠎ᠠ ᠬᠡᠵᠦ ᠮᠡᠳᠡᠷᠡᠨ᠎ᠠ᠃ ᠲᠠ ᠰᠠᠶᠢᠬᠠᠨ ᠲᠠᠭᠤᠯᠠᠭᠠᠳ ᠦᠵᠡ᠂ ᠬᠡᠦᠬᠡᠳ ᠲᠠᠨᠢ ᠲᠠᠭᠤᠴᠢᠨ ᠴᠤ ᠪᠤᠯᠵᠤ ᠮᠠᠭᠠᠳ᠂ ᠲᠠ ᠦᠯᠢᠬᠡᠷ ᠶᠠᠷᠢᠭᠠᠳ ᠦᠭ᠂ ᠬᠦᠦ ᠲᠠᠨᠢ ᠦᠯᠢᠬᠡᠷ ᠠᠴᠠ ᠮᠠᠰᠢ ᠶᠡᠭᠡ ᠶᠢ ᠰᠤᠷᠤᠨ᠎ᠠ︶᠃       ᠪᠠᠶᠢᠡᠭᠭᠤ ᠶᠢᠨ ᠬᠦᠳᠡᠯᠬᠡᠬᠡᠨ ᠪᠤᠯ ᠲᠡᠲᠡᠨ ᠤ ︽ᠰᠤᠳᠤᠯᠤᠭᠠᠴᠢ︾ ᠪᠤᠯᠬᠤ ᠳᠤ ᠴᠢᠬᠤᠯᠠ ᠱᠠᠭᠠᠷᠳᠠᠯᠭ᠎ᠠ ᠲᠠᠢ᠃ ᠮᠤᠩᠭᠤᠯ ᠤᠯᠤᠰ ᠴᠡᠴᠡᠷᠯᠢᠭ ᠤᠨ ᠲᠠᠯᠠᠪᠠᠢ ᠶᠢ ᠪᠠᠶᠢᠭᠠᠯᠢᠯᠢᠭ ᠢᠶᠠᠷ ᠨᠢ ᠪᠠᠶᠢᠯᠭᠠᠳᠠᠭ᠂ ᠵᠦᠪᠬᠡᠨ ᠶᠠᠪᠠᠭᠠᠨ ᠶᠠᠪᠤᠬᠤ ᠪᠤᠶᠤ ᠲᠡᠷᠬᠡ ᠤᠷᠤᠬᠤ ᠲᠤᠭᠤᠷᠢᠭ ᠵᠠᠮ ᠢ ᠯᠠ ᠵᠠᠰᠠᠭᠰᠠᠨ᠂ ᠤᠴᠢᠷ ᠨᠢ ᠬᠡᠦᠬᠡᠳ ᠰᠢᠷᠤᠢ ᠲᠡᠭᠡᠷ᠎ᠡ ᠲᠤᠭᠯᠠᠵᠤ ᠰᠢᠷᠤᠢ ᠲᠡᠭᠡᠷ᠎ᠠ ᠪᠦᠲᠦᠷᠢᠵᠦ ᠤᠨᠠᠬᠤ ᠳᠠᠭᠠᠨ ᠬᠡᠮᠳᠦᠬᠦ ᠨᠢ ᠪᠠᠭ᠎ᠠ ᠮᠦᠷᠳᠡᠯ᠎ᠠ ᠲᠡᠲᠡᠨ ᠤ ᠦᠰᠦᠯᠳᠡ ᠳᠤ ᠴᠢᠬᠤᠯᠠ ᠨᠦᠯᠦᠬᠡ ᠲᠠᠢ᠃ ᠡᠩᠬᠦᠯ ᠲᠤᠩᠬᠤᠯ ᠭᠠᠵᠠᠷ ᠲᠡᠭᠡᠷ᠎ᠡ ᠬᠡᠦᠬᠡᠳ ᠬᠦᠶᠦᠵᠦ ᠲᠤᠭᠯᠠᠬᠤ ᠨᠢ ᠬᠦᠳᠡᠯᠬᠡᠬᠡᠨ ᠤ ᠬᠡᠷᠡᠭᠴᠡᠭᠡ ᠶᠢ ᠨᠢ ᠬᠠᠨᠭ᠍ᠭᠠᠵᠤ ᠲᠡᠩᠴᠡᠬᠦᠷᠢ ᠪᠠᠨ ᠤᠯᠤᠨ ᠬᠦᠶᠦᠵᠦ ᠨᠠᠭᠠᠳᠬᠤ ᠳᠤᠨᠢ ᠲᠤᠰᠠ ᠪᠤᠯᠳᠠᠭ᠃       ᠠᠶᠤᠯ ᠤᠰᠤᠯ ᠦᠬᠡᠢ ᠮᠦᠷᠳᠡᠯ᠎ᠠ ᠲᠡᠲᠡᠨ ᠤ ᠰᠤᠨᠢᠷᠬᠠᠯ ᠢ ᠦᠳᠦᠬᠡᠭᠰᠡᠨ ᠤᠷᠴᠢᠨ ᠴᠢᠬᠤᠯᠠ ᠱᠠᠭᠠᠷᠳᠠᠯᠭ᠎ᠠ ᠲᠠᠢ᠃  
ᠢᠷᠡᠯᠲᠡ᠄ ᠣᠷᠳᠣᠰ ᠬᠤᠲᠠ ᠶᠢᠨ ᠬᠠᠮ ᠵᠠᠭᠤᠴᠢᠯᠠᠭᠤᠷ ᠤᠨ ᠲᠥᠪ