ᠪᠥᠬᠦ ᠤᠯᠤᠰ ᠤᠨ ᠵᠠᠰᠠᠮᠠᠯ ᠵᠠᠮ ᠤᠨ ᠳᠤᠭᠤᠶ ᠲᠡᠷᠭᠡᠨ ᠤ ᠮᠠᠩᠯᠠᠶ ᠰᠢᠯᠭᠠᠷᠠᠭᠤᠯᠬᠤ ᠤᠷᠤᠯᠳᠤᠭᠠᠨ ᠤ ᠨᠠᠰᠤᠨ ᠳᠤ ᠬᠦᠷᠦᠭᠰᠡᠳ ᠤᠨ ᠡᠷᠡᠭᠲᠡᠶ ᠶᠢᠨ ᠬᠤᠪᠢ ᠬᠥᠮᠦᠨ ᠤ ᠤᠷᠣᠯᠳᠤᠭᠠᠨ ᠳᠤ ᠦᠪᠦᠷ ᠮᠤᠩᠭᠤᠯ ᠤᠨ ᠠᠩᠭᠢ ᠲᠡᠷᠢᠬᠦᠯᠡᠪᠡ
ᠨᠡᠶᠢᠲᠡᠯᠡᠭᠰᠡᠨ ᠴᠠᠭ᠄
2024/6/21
      6 ᠰᠠᠷ᠎ᠠ ᠶᠢᠨ 20᠎ ᠤ ᠡᠳᠦᠷ᠂ 2024 ᠣᠨ ᠤ ᠪᠥᠬᠦ ᠤᠯᠤᠰ ᠤᠨ ᠵᠠᠰᠠᠮᠠᠯ ᠵᠠᠮ ᠤᠨ ᠳᠤᠭᠤᠶ ᠲᠡᠷᠭᠡᠨ ᠤ ᠮᠠᠩᠯᠠᠶ ᠰᠢᠯᠭᠠᠷᠠᠭᠤᠯᠬᠤ ᠤᠷᠤᠯᠳᠤᠭᠠᠨ ᠵᠢᠴᠢ ᠪᠥᠬᠦ ᠤᠯᠤᠰ ᠤᠨ ᠵᠠᠯᠠᠭᠤᠴᠤᠳ ᠤᠨ ᠵᠠᠰᠠᠮᠠᠯ ᠵᠠᠮ ᠤᠨ ᠳᠤᠭᠤᠶ ᠲᠡᠷᠭᠡᠨ ᠤ ᠮᠠᠩᠯᠠᠶ ᠰᠢᠯᠭᠠᠷᠠᠭᠤᠯᠬᠤ ᠤᠷᠤᠯᠳᠤᠭᠠᠨ ᠤ ᠫᠠᠷᠢᠰ ᠤᠨ ᠣᠯᠢᠮᠫᠢᠺ ᠤᠨ ᠲᠠᠮᠢᠷ ᠤᠨ ᠴᠤᠭᠯᠠᠭᠠᠨ ᠤ ᠰᠢᠯᠭᠠᠷᠠᠭᠤᠯᠬᠤ ᠤᠷᠤᠯᠳᠤᠭᠠᠨ ︵ᠣᠷᠳᠣᠰ︶᠎ ᠤ ᠳᠥᠷᠪᠡᠳᠡᠬᠢ ᠤᠷᠤᠯᠳᠤᠭᠠᠨ ᠤ ᠡᠳᠦᠷ ᠲᠤ᠂ ᠨᠠᠰᠤᠨ ᠳᠤ ᠭᠦᠷᠦᠭᠰᠡᠳ ᠤᠨ ᠬᠤᠪᠢ ᠬᠥᠮᠦᠨ ᠤ ᠥᠷᠢᠰᠥᠯᠳᠦᠭᠡᠨ ᠢᠶᠠᠷ ᠬᠠᠮᠤᠭ ᠤᠨ ᠬᠤᠷᠴᠠ ᠰᠢᠷᠦᠭᠦᠨ ᠤᠷᠤᠯᠳᠤᠭᠠᠨ  ᠶᠠᠪᠤᠭᠳᠠᠭᠰᠠᠨ ᠪᠠᠶᠢᠨ᠎ᠠ ᠃      ᠦᠳᠡ ᠶᠢᠨ ᠡᠮᠦᠨᠡᠬᠢ 8᠄ 30᠎ ᠤᠨ ᠦᠶ᠎ᠡ ᠪᠠᠷ᠂ ᠴᠠᠭ ᠲᠡᠮᠳᠡᠭᠯᠡᠭᠦᠷ ᠤᠨ ᠳᠠᠭᠤᠨ ᠢ ᠲᠠᠭᠠᠯᠳᠤᠨ᠂ 28 ᠠᠩᠭᠢ ᠶᠢᠨ 150 ᠲᠠᠮᠢᠷᠴᠢᠨ ᠤᠷᠳᠤᠰ ᠤᠨ ᠰᠣᠶᠣᠯ ᠤᠨ ᠠᠵᠤ ᠦᠢᠯᠡᠰ ᠤᠨ ᠬᠦᠷᠢᠶᠡᠯᠡᠩ ᠠᠴᠠ ᠮᠣᠷᠳᠠᠵᠤ᠂ 257  ᠺᠢᠯᠤᠮᠧᠲᠷ ᠤᠨ ᠤᠷᠲᠤ ᠤᠷᠤᠯᠳᠤᠭᠠᠨ ᠤ ᠵᠠᠮ ᠢ ᠲᠤᠭᠤᠯᠵᠣ ᠂ ᠤᠯᠠᠭᠠᠨᠮᠦ᠋ᠷᠡᠨ ᠪᠠᠯᠭᠠᠰᠤ ᠶᠢᠨ ᠪᠠᠷᠳᠤ ᠶᠢᠨ ᠳᠤᠬᠤᠢ ᠲᠣᠰᠬᠤᠨ ᠳᠤ  ᠬᠦᠷᠴᠡᠢ᠃  ᠬᠤᠷᠴᠠ ᠰᠢᠷᠦᠭᠦᠨ ᠥᠷᠢᠰᠥᠯᠳᠦᠭᠡᠨ ᠢᠶᠠᠷ ᠳᠠᠮᠵᠢᠨ᠂ ᠥᠪᠥᠷ ᠮᠣᠩᠭᠤᠯ ᠤᠨ ᠲᠥᠯᠥᠭᠡᠯᠡᠭᠴᠢᠳ ᠤᠨ ᠠᠩᠭᠢ ᠶᠢᠨ ᠬᠤᠤ ᠷᠠᠨ ᠮᠠᠩᠯᠠᠶᠢᠯᠠᠵᠤ᠂ ᠲᠢᠶᠠᠨᠵᠢᠨ ᠤ ᠲᠦᠯᠦᠭᠡᠯᠡᠭᠴᠢᠳ ᠤᠨ ᠠᠩᠭᠢ ᠶᠢᠨ ᠸᠠᠩ ᠷᠦᠢ ᠳ᠋ᠦᠩ ᠪᠣᠯᠤᠨ ᠵᠢᠶᠠᠩᠰᠦ ᠶᠢᠨ ᠲᠦᠯᠦᠭᠡᠯᠡᠭᠴᠢᠳ ᠤᠨ ᠠᠩᠭᠢ ᠶᠢᠨ ᠯᠢᠦ ᠴᠧᠩ ᠯᠦ ᠲᠤᠰ ᠲᠤᠰ ᠳᠡᠳ᠋ ᠪᠠ ᠭᠤᠷᠪᠠᠳᠤᠭᠠᠷ ᠲᠤ ᠣᠷᠣᠪᠠ᠃
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠣᠷᠳᠣᠨ