ᠡᠵᠡᠨ ᠬᠤᠷᠤᠭ᠎ᠠ ᠬᠤᠰᠢᠭᠤᠨ ᠤ ᠶᠡᠷᠤᠩᠭᠡᠶᠢᠯᠡᠭᠰᠡᠨ ᠮᠤᠩᠭᠤᠯ ᠡᠮᠨᠡᠯᠭᠡ ᠶᠢᠨ ᠬᠤᠷᠢᠶ᠎ᠠ ᠰᠥᠨᠢ ᠶᠢᠨ ᠡᠭᠦᠳᠡᠨ ᠡᠮᠨᠡᠯᠭᠡ ᠶᠢᠨ ᠡᠮᠴᠢᠯᠡᠭᠡᠨ ᠤ ᠤᠶᠢᠯᠡᠴᠢᠯᠡᠭᠡ ᠭᠠᠷᠭᠠᠪᠠ
ᠨᠡᠶᠢᠲᠡᠯᠡᠭᠰᠡᠨ ᠴᠠᠭ᠄
2024/5/9
      ᠥᠷᠭᠡᠨ ᠣᠯᠠᠨ ᠠᠷᠠᠳ ᠲᠦᠮᠡᠨ ᠤ ᠡᠪᠡᠳᠴᠢᠨ ᠦᠵᠡᠭᠦᠯᠬᠦ ᠬᠡᠷᠡᠭᠴᠡᠭᠡ ᠱᠠᠭᠠᠷᠳᠠᠯᠭ᠎ᠠ ᠶᠢ ᠨᠠᠩ ᠰᠠᠶᠢᠨ ᠬᠠᠩᠭᠠᠵᠤ᠂ ᠬᠢᠲᠠᠳ ᠡᠮ ᠡᠮᠨᠡᠯᠭᠡ ︵ᠮᠣᠩᠭᠤᠯ ᠡᠮ ᠡᠮᠨᠡᠯᠭᠡ︶᠎ ᠶᠢᠨ ᠣᠨᠴᠠᠯᠢᠭ ᠳᠠᠪᠠᠭᠤᠯᠢᠭ ᠢ ᠪᠠᠳᠠᠷᠠᠭᠤᠯᠤᠨ᠂ ᠡᠭᠦᠳᠡᠨ ᠡᠮᠨᠡᠯᠭᠡ ᠶᠢᠨ ᠣᠨᠣᠰᠢᠯᠠᠨ ᠡᠮᠨᠡᠬᠦ ᠤᠶᠢᠯᠡᠴᠢᠯᠡᠭᠡᠨ ᠤ ᠴᠠᠭ ᠢ ᠤᠷᠲᠤᠳᠬᠠᠬᠤ ᠪᠠᠷ ᠳᠠᠮᠵᠢᠭᠤᠯᠤᠨ᠂ ᠠᠵᠢᠯ ᠲᠠᠢ ᠬᠦᠮᠤᠰ᠂ ᠰᠤᠷᠤᠭᠴᠢᠳ ᠲᠤ ᠳᠥᠭᠦᠮ ᠳᠥᠲᠡ ᠡᠪᠡᠳᠴᠢᠨ ᠦᠵᠡᠭᠦᠯᠬᠦ ᠤᠶᠢᠯᠡᠴᠢᠯᠡᠭᠡ ᠬᠠᠩᠭᠠᠬᠤ ᠪᠠᠷ᠂ 5 ᠳ᠋ᠤᠭᠠᠷ ᠰᠠᠷ᠎ᠠ ᠶᠢᠨ 8᠎ ᠤ ᠡᠳᠤᠷ ᠠᠴᠠ ᠡᠬᠢᠯᠡᠨ ᠡᠵᠡᠨ ᠬᠤᠷᠤᠭ᠎ᠠ ᠬᠤᠰᠢᠭᠤᠨ ᠤ ᠶᠡᠷᠤᠩᠭᠡᠶᠢᠯᠡᠭᠰᠡᠨ ᠮᠤᠩᠭᠤᠯ ᠡᠮᠨᠡᠯᠭᠡ ᠶᠢᠨ ᠬᠤᠷᠢᠶ᠎ᠠ ᠰᠥᠨᠢ ᠶᠢᠨ ᠡᠭᠦᠳᠡᠨ ᠡᠮᠨᠡᠯᠭᠡ ᠶᠢᠨ ᠣᠨᠣᠰᠢᠯᠠᠨ ᠡᠮᠨᠡᠬᠦ ᠤᠶᠢᠯᠡᠴᠢᠯᠡᠭᠡ ᠶᠢ ᠭᠠᠷᠭᠠᠵᠤ᠂ ᠡᠷᠬᠢᠯᠡᠭᠴᠢ ᠡᠮᠴᠢ ᠪᠤᠶᠤ ᠰᠠᠯᠠᠭ᠎ᠠ ᠲᠠᠰᠤᠭ ᠤᠨ ᠭᠤᠤᠯᠯᠠᠭᠴᠢ ᠡᠮᠴᠢ ᠶᠢ ᠲᠣᠬᠢᠷᠠᠭᠤᠯᠤᠨ ᠠᠵᠢᠯᠯᠠᠭᠤᠯᠵᠤ᠂ ᠡᠪᠡᠳᠴᠢᠨ ᠦᠵᠡᠭᠦᠯᠬᠦ ᠵᠢᠴᠢ ᠡᠮᠨᠡᠨ ᠵᠠᠰᠠᠬᠤ ᠬᠤᠤᠰ ᠤᠶᠢᠯᠡᠴᠢᠯᠡᠭᠡ ᠶᠢ ᠬᠠᠩᠭᠠᠵᠤ ᠪᠠᠶᠢᠨ᠎ᠠ᠃ ᠡᠮᠨᠡᠯᠭᠡ ᠶᠢᠨ ᠬᠤᠷᠢᠶᠠᠨ ᠤ ᠪᠣᠳᠠᠲᠤ ᠪᠠᠶᠢᠳᠠᠯ ᠢ ᠦᠨᠳᠦᠰᠦᠯᠡᠨ᠂  ᠤᠳᠤᠬᠠᠨ ᠳᠤ ᠡᠷᠡᠭᠦᠯᠵᠢᠯ ᠤᠨ ᠰᠠᠯᠠᠭ᠎ᠠ᠂ ᠠᠮᠠᠨ ᠬᠥᠨᠳᠡᠶ ᠶᠢᠨ ᠰᠠᠯᠠᠭ᠎ᠠ᠂ ᠬᠡᠦᠬᠡᠳ ᠤᠨ ᠰᠠᠯᠠᠭ᠎ᠠ ᠶᠢ ᠲᠤᠷᠰᠢᠯᠲᠠ ᠶᠢᠨ ᠰᠠᠯᠠᠭ᠎ᠠ ᠲᠠᠰᠤᠭ ᠢᠶᠠᠷ ᠰᠣᠩᠭᠤᠨ ᠲᠣᠭᠲᠠᠭᠠᠵᠤ᠂ ᠪᠤᠰᠤᠳ ᠰᠠᠯᠠᠭ᠎ᠠ ᠲᠠᠰᠤᠭ ᠲᠤ ᠵᠠᠯᠭᠠᠭ᠎ᠠ ᠪᠠᠷ ᠰᠥᠨᠢ ᠶᠢᠨ ᠡᠭᠦᠳᠡᠨ ᠡᠮᠨᠡᠯᠭᠡ ᠲᠤᠬᠢᠷᠠᠭᠤᠯᠬᠤ ᠪᠤᠯᠤᠨ᠎ᠠ᠃      ᠴᠠᠭ ᠤᠨ ᠲᠤᠬᠢᠷᠠᠭᠤᠯᠤᠯᠳᠠ ᠪᠠ ᠡᠪᠡᠳᠴᠢᠨ ᠦᠵᠡᠭᠦᠯᠬᠦ ᠭᠠᠵᠠᠷ᠄      ᠡᠷᠡᠬᠦᠯᠵᠢᠯ ᠤᠨ ᠰᠠᠯᠠᠭ᠎ᠠ᠄ ᠭᠠᠷᠠᠭ ᠤᠨ ᠨᠢᠭᠡᠨ ᠠᠴᠠ ᠭᠠᠷᠠᠭ ᠤᠨ ᠲᠠᠪᠤᠨ ᠪᠤᠯᠳᠠᠯ᠎ᠠ 18᠄ 30—21᠄ 30 ︵ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠠᠴᠠ ᠭᠠᠳᠠᠨ᠎ᠠ︶᠂ ᠬᠠᠭᠤᠴᠢᠨ ᠠᠰᠠᠷ ᠤᠨ ᠬᠤᠶᠠᠳᠤᠭᠠᠷ ᠳᠠᠪᠬᠤᠷᠭ᠎ᠠ ᠶᠢᠨ ᠡᠷᠡᠬᠦᠯᠵᠢᠯ ᠤᠨ ᠰᠠᠯᠠᠭᠠᠨ ᠤ ᠡᠭᠦᠳᠡᠨ ᠡᠮᠨᠡᠯᠭᠡ᠃      ᠠᠮᠠᠨ ᠬᠥᠨᠳᠡᠶ ᠶᠢᠨ ᠰᠠᠯᠠᠭ᠎ᠠ᠄ ᠭᠠᠷᠠᠭ ᠤᠨ ᠬᠤᠶᠠᠷ᠂ ᠭᠠᠷᠠᠭ ᠤᠨ ᠭᠤᠷᠪᠠᠨ᠂ ᠭᠠᠷᠠᠭ ᠤᠨ ᠳᠥᠷᠪᠡᠨ ᠳᠤ 18᠄ 30—21᠄ 30 ︵ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠠᠴᠠ ᠭᠠᠳᠠᠨ᠎ᠠ︶᠂ ᠬᠠᠭᠤᠴᠢᠨ ᠠᠰᠠᠷ ᠤᠨ ᠨᠢᠭᠡᠳᠦᠭᠡᠷ ᠳᠠᠪᠬᠤᠷᠭ᠎ᠠ ᠶᠢᠨ ᠠᠮᠠᠨ ᠬᠥᠨᠳᠡᠶ ᠶᠢᠨ ᠰᠠᠯᠠᠭᠠᠨ ᠤ ᠡᠭᠦᠳᠡᠨ ᠡᠮᠨᠡᠯᠭᠡ᠃      ᠬᠡᠦᠬᠡᠳ ᠤᠨ ᠰᠠᠯᠠᠭ᠎ᠠ᠄ ᠭᠠᠷᠠᠭ ᠤᠨ ᠨᠢᠭᠡᠨ ᠠᠴᠠ ᠭᠠᠷᠠᠭ ᠤᠨ ᠡᠳᠦᠷ ᠪᠤᠯᠳᠠᠯ᠎ᠠ 24 ᠴᠠᠭ᠂ ᠲᠤᠮᠳᠠᠬᠢ ᠠᠰᠠᠷ ᠤᠨ ᠳᠥᠷᠪᠡᠳᠦᠭᠡᠷ ᠳᠠᠪᠬᠤᠷᠭ᠎ᠠ ᠶᠢᠨ ᠬᠡᠦᠬᠡᠳ ᠤᠨ ᠰᠠᠯᠠᠭᠠᠨ ᠤ ᠡᠮᠴᠢᠯᠡᠭᠡᠨ ᠤ ᠲᠣᠭᠤᠷᠢᠭ᠃
ᠢᠷᠡᠯᠲᠡ᠄ ᠡᠵᠡᠨ ᠬᠤᠷᠤᠭ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠦᠪ