ᠬᠠᠮᠤᠭ ᠤᠨ ᠰᠢᠨ᠎ᠡ︕ ᠡᠵᠡᠨ ᠬᠤᠷᠤᠭ᠎ᠠ ᠬᠤᠰᠢᠭᠤᠨ ᠤ ᠪᠠᠶᠢᠩᠭᠤ ᠰᠠᠭᠤᠭ᠎ᠠ ᠬᠥᠮᠦᠨ ᠠᠮᠠ ᠶᠢᠨ ᠲᠤᠭ᠎ᠠ ᠪᠠᠷᠢᠮᠲᠠ ᠶᠢ ᠨᠡᠶᠢᠲᠡᠯᠡᠪᠡ
ᠨᠡᠶᠢᠲᠡᠯᠡᠭᠰᠡᠨ ᠴᠠᠭ᠄
2024/4/30
      2023 ᠣᠨ ᠤ ᠡᠴᠦᠰ ᠲᠤ᠂ ᠡᠵᠡᠨ ᠬᠤᠷᠤᠭ᠎ᠠ ᠬᠤᠰᠢᠭᠤᠨ ᠤ ᠪᠠᠶᠢᠩᠭᠤ ᠰᠠᠭᠤᠭ᠎ᠠ ᠬᠥᠮᠦᠨ ᠠᠮᠠ 25.61 ᠲᠦᠮᠡ ᠪᠠᠶᠢᠵᠤ᠂ 2022 ᠣᠨ ᠤ ᠡᠴᠦᠰ ᠤᠨ ᠬᠢ ᠠᠴᠠ 0.25 ᠲᠦᠮᠡ ᠨᠡᠮᠡᠭᠳᠡᠵᠦ᠂ 1.0 %᠎ ᠪᠠᠷ ᠨᠡᠮᠡᠭᠳᠡᠪᠡ᠃ ᠡᠭᠦᠨ ᠳᠤ ᠬᠤᠲᠠ ᠪᠠᠯᠭᠠᠰᠤᠨ ᠤ ᠪᠠᠶᠢᠩᠭᠤ ᠰᠠᠭᠤᠭ᠎ᠠ ᠬᠥᠮᠦᠨ ᠠᠮᠠ 19.99 ᠲᠦᠮᠡ ᠪᠠᠶᠢᠵᠤ᠂ 2022 ᠣᠨ ᠤ ᠡᠴᠦᠰ ᠤᠨ ᠬᠢ ᠠᠴᠠ 0.51 ᠲᠦᠮᠡ ᠨᠡᠮᠡᠭᠳᠡᠵᠡᠶ︔ ᠬᠥᠳᠡᠭᠡ ᠲᠣᠰᠬᠤᠨ ᠤ ᠪᠠᠶᠢᠩᠭᠤ ᠰᠠᠭᠤᠭ᠎ᠠ ᠬᠥᠮᠦᠨ ᠠᠮᠠ 5.62 ᠲᠦᠮᠡ ᠪᠠᠶᠢᠵᠤ᠂ 2022 ᠣᠨ ᠤ ᠡᠴᠦᠰ ᠤᠨ ᠬᠢ ᠠᠴᠠ 0.26 ᠲᠦᠮᠡ ᠪᠠᠭᠠᠰᠪᠠ᠃ ᠪᠠᠶᠢᠩᠭᠤ ᠰᠠᠭᠤᠭ᠎ᠠ ᠬᠥᠮᠦᠨ ᠠᠮᠠ ᠶᠢᠨ ᠬᠤᠲᠠ ᠪᠠᠯᠭᠠᠰᠤᠵᠢᠯᠲᠠ ᠶᠢᠨ ᠨᠣᠷᠮ᠎ᠠ 78.13 % ᠪᠠᠶᠢᠵᠤ᠂ 2022 ᠣᠨ ᠤ ᠬᠢ ᠠᠴᠠ 1.32 ᠵᠠᠭᠤᠨ ᠤ ᠨᠢᠭᠡᠴᠢ ᠳᠡᠭᠡᠭᠰᠢᠯᠡᠪᠡ᠃
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ