ᠵᠢᠭᠠᠬᠠᠨ ᠰᠢᠷᠭ᠎ᠠ ︵ᠬᠤᠶᠠᠷ︶
ᠨᠡᠶᠢᠲᠡᠯᠡᠭᠰᠡᠨ ᠴᠠᠭ᠄
2024/12/20
ᠵᠢᠭᠠᠬᠠᠨ ᠰᠢᠷᠭ᠎ᠠ ᠮᠣᠷᠢ ᠪᠠᠨ ᠣᠨᠣᠭᠠᠳ ᠪᠦᠮᠪᠥᠷᠢᠭᠦᠯᠦᠭᠡᠳ ᠢᠷᠡᠳᠡᠭ ᠶᠤᠮ ᠳ᠋ᠤᠣᠴᠠᠭᠠᠨ ᠰᠠᠷ᠎ᠠ ᠶᠢᠨ ᠰᠢᠨ᠎ᠡ  ᠶᠢᠨ ᠨᠢᠭᠡᠨ ᠳᠤ ᠠᠮᠤᠷ ᠢ ᠴᠢᠨᠢ ᠠᠰᠠᠭᠤᠶ᠎ᠠ ᠳ᠋ᠤᠣ     ᠭᠡᠭᠡᠷ ᠮᠣᠷᠢ ᠪᠠᠨ ᠣᠨᠣᠭᠠᠳ ᠭᠠᠷᠪᠠᠯ ᠬᠡᠶᠢᠰᠭᠡᠭᠦᠯᠦᠭᠡᠳ ᠢᠷᠡᠬᠦ ᠪᠠᠶᠢᠯ ᠦᠭᠡᠢ ᠳᠤ     ᠬᠡᠯᠡᠭᠰᠡᠨ ᠦᠭᠡ ᠴᠢᠨᠢ ᠵᠠᠩᠭᠠᠷ ᠢᠶᠠᠨ ᠪᠠᠶᠢᠪᠠᠯ ᠭᠡᠷ  ᠲᠤ ᠪᠠᠨ ᠪᠠᠶᠢᠯ ᠦᠭᠡᠢ ᠳᠤᠰᠠᠭᠠᠷᠠᠯ ᠮᠣᠷᠢ ᠪᠠᠨ ᠣᠨᠤᠭᠠᠳ ᠭᠠᠷᠪᠡᠯ ᠰᠡᠳᠡᠷᠠᠭᠤᠯᠤᠭᠠᠳ ᠢᠷᠡᠳᠡᠭ ᠶᠤᠮ ᠳ᠋ᠤᠣᠰᠠᠷᠠ ᠲᠠᠢ ᠰᠥᠨᠢ ᠬᠦᠷᠦᠭᠡᠳ ᠢᠷᠡᠪᠡᠯ ᠰᠠᠨᠠᠭᠠᠨ ᠳᠤ ᠪᠠᠨ ᠬᠦᠷᠬᠦ ᠪᠠᠶᠢᠯ ᠦᠭᠡᠢ ᠳᠤ     ᠪᠣᠭᠤᠷᠤᠯ ᠮᠣᠷᠢ ᠪᠠᠨ ᠤᠨᠣᠭᠠᠳ ᠭᠠᠷᠪᠠᠯ ᠪᠤᠳᠠᠷᠠᠭᠤᠯᠤᠭᠠᠳ ᠢᠷᠡᠬᠦ ᠪᠠᠶᠢᠯ ᠦᠭᠡᠢ ᠳ᠋ᠤᠣ     ᠪᠣᠯᠵᠤᠭᠰᠠᠨ ᠦᠭᠡ ᠴᠢᠨᠢ ᠵᠠᠩᠭᠠᠷ ᠢᠶᠠᠨ ᠪᠠᠶᠢᠪᠠᠯ ᠪᠣᠳᠣᠭᠰᠠᠨ  ᠳᠤ ᠪᠠᠨ ᠬᠦᠷᠦᠬᠦ ᠪᠠᠶᠢᠯ ᠦᠭᠡᠢ ᠳ᠋ᠤᠣᠦᠷᠢᠶ᠎ᠡ ᠮᠣᠷᠢ ᠪᠠᠨ ᠣᠨᠤᠭᠠᠳ ᠭᠠᠷᠪᠠᠯ ᠤᠷᠤᠯᠳᠤᠭᠤᠯᠤᠭᠠᠳ ᠢᠷᠡᠬᠦ ᠪᠠᠶᠢᠯ ᠦᠭᠡᠢ ᠳ᠋ᠤᠣᠡᠭᠦᠳᠡᠨ  ᠳᠤ ᠴᠢᠨᠢ ᠬᠦᠷᠦᠭᠡᠳ ᠢᠷᠡᠪᠡᠯ ᠤᠭᠲᠤᠭᠠᠳ ᠢᠷᠡᠬᠦ ᠪᠠᠶᠢᠯ ᠦᠭᠡᠢ ᠳ᠋ᠤᠣ     ᠬᠠᠷ᠎ᠠ ᠮᠣᠷᠢ ᠪᠠᠨ ᠣᠨᠤᠭᠠᠳ ᠭᠠᠷᠪᠠᠯ ᠬᠠᠲᠠᠷᠢᠭᠤᠯᠤᠭᠠᠳ ᠢᠷᠡᠬᠦ ᠪᠠᠶᠢᠯ ᠦᠭᠡᠢ ᠳ᠋ᠤᠣ     ᠬᠠᠷᠠᠩᠭᠤᠢ ᠰᠥᠨᠢ ᠳᠤ ᠪᠠᠨ ᠭᠦᠷᠦᠭᠡᠳ ᠢᠷᠡᠪᠡᠯ ᠭᠠᠭᠴᠠᠭᠠᠷ  ᠢᠶᠠᠨ ᠪᠠᠶᠢᠯ ᠦᠭᠡᠢ ᠳ᠋ᠤᠣᠰᠠᠭᠯᠠᠭᠠᠷ ᠮᠣᠳᠣᠨ ᠤ ᠰᠣᠶᠤᠭ᠎ᠠ ᠶᠠᠨ ᠪᠠᠶᠢᠪᠠᠯ ᠤᠷᠭᠤᠬᠤ ᠯᠠ ᠪᠠᠶᠢᠯ ᠦᠭᠡᠢ ᠳ᠋ᠦ᠋ᠣᠰᠡᠳᠤᠨ ᠰᠠᠶᠢᠲᠤ ᠶᠢᠨ ᠦᠷ᠎ᠡ ᠶᠠᠨ ᠪᠠᠶᠢᠪᠠᠯ ᠰᠠᠨᠠᠭᠠᠨ ᠳᠤ ᠪᠠᠨ ᠬᠦᠷᠦᠬᠦ ᠪᠠᠶᠢᠯ ᠦᠭᠡᠢ ᠳ᠋ᠤᠣ     ᠤᠨᠳᠠ ᠮᠣᠳᠣᠨ ᠤ ᠰᠣᠶᠤᠭ᠎ᠠ ᠶᠠᠨ ᠪᠠᠶᠢᠪᠠᠯ ᠤᠷᠭᠤᠬᠤ ᠯᠠ ᠪᠠᠶᠢᠯ ᠦᠭᠡᠢ ᠳ᠋ᠣᠣ     ᠤᠳᠤᠮ ᠰᠠᠶᠢᠲᠤ ᠶᠢᠨ ᠦᠷ᠎ᠡ ᠶᠠᠨ ᠪᠠᠶᠢᠪᠠᠯ ᠦᠭᠡᠨ  ᠳᠤ  ᠪᠠᠨ ᠬᠦᠷᠦᠬᠦ ᠪᠠᠶᠢᠯ ᠦᠭᠡᠢ ᠳᠤᠪᠠᠷᠠᠭᠤᠨ ᠳᠡᠭᠡᠷ᠎ᠡ ᠪᠠᠨ ᠭᠠᠷᠤᠨ ᠬᠠᠷᠠᠪᠠᠯ ᠪᠠᠷ᠎ᠡ ᠨᠢ ᠪᠠᠶᠢᠯ ᠦᠭᠡᠢ ᠳ᠋ᠦ᠋ᠣᠪᠠᠷᠠᠭᠤᠨ ᠳᠡᠭᠡᠷ᠎ᠡ  ᠠᠴᠠ ᠪᠠᠭᠤᠭᠠᠳ ᠢᠷᠡᠬᠦ  ᠳᠤ ᠮᠥᠷ ᠮᠢᠨᠢ ᠪᠠᠶᠢᠯ ᠦᠭᠡᠢ ᠳ᠋ᠣᠣ     ᠣᠳᠣ ᠴᠢ ᠯᠠ ᠮᠢᠨᠢ ᠶᠠᠪᠤᠴᠢᠬᠠᠭᠠᠳ ᠭᠡᠵᠢᠶ᠎ᠡ ᠢᠷᠡᠬᠦ ᠶᠤᠮ ᠳ᠋ᠤᠣ     ᠬᠤᠶᠢᠲᠤ ᠵᠢᠯ ᠤᠨ ᠭᠤᠷᠪᠠᠨ ᠰᠠᠷ᠎ᠠ ᠳᠤ  ᠪᠠᠨ ᠭᠦᠷᠦᠭᠡᠳ ᠯᠠ ᠢᠷᠡᠬᠦ ᠶᠤᠮ ᠳ᠋ᠣᠣ᠃
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ