ᠨᠠᠷᠠᠨ ᠲᠢᠪ ᠤᠨ ᠮᠢᠨᠢ ᠢᠯᠴᠢ | ᠨᠠᠪᠴᠢ ᠨᠣᠭᠤᠭᠠᠨ ᠤ ᠮᠢᠨᠢ ᠰᠢᠮ᠎ᠡ | ᠲᠡᠷᠭᠡᠳᠡ ᠪᠠᠶᠢᠭ᠎ᠠ ᠮᠠᠯ ᠤᠨ ᠴᠢᠨᠢ ᠰᠦ | ᠳᠡᠭᠳᠡᠵᠤ ᠤᠷᠭᠤᠭᠰᠠᠨ ᠨᠣᠭᠤᠭᠠᠨ ᠤ ᠰᠢᠮ᠎ᠡ | ᠦᠨᠢᠶ᠎ᠡ ᠮᠠᠯ ᠤᠨ ᠴᠢᠨᠢ ᠰᠦ | ᠦᠷ᠎ᠡ ᠰᠢᠮ᠎ᠡ ᠶᠢᠨ ᠮᠢᠨᠢ ᠢᠳᠡᠭᠡ | ᠵᠠᠭᠠᠨ ᠤ ᠠᠷᠠᠰᠤᠨ ᠬᠥᠬᠦᠣᠷ ᠲᠠᠢ | ᠽᠠᠨᠳᠠᠨ ᠮᠣᠳᠣᠨ ᠪᠦᠯᠢᠭᠦᠷ ᠲᠠᠢ | ᠪᠠᠲᠤ ᠰᠠᠶᠢᠬᠠᠨ ᠲᠣᠭᠤᠭᠠᠨ ᠳᠤ ᠪᠠᠨ | ᠪᠠᠳᠮ᠎ᠠ ᠲᠠᠪᠴᠢᠳ ᠪᠦᠷᠭᠦᠭᠦᠯ ᠢᠶᠠᠨ ᠲᠠᠯᠪᠢᠵᠤ | ᠰᠢᠯᠤᠭᠤᠨᠰᠠᠶᠢᠬᠠᠨ ᠴᠤᠷᠭᠤᠨ ᠳᠤ ᠨᠢ | ᠰᠢᠳᠤᠷᠭᠤ ᠰᠠᠶᠢᠬᠠᠨ ᠬᠤᠪᠢᠩ ᠢᠶᠠᠨ ᠲᠣᠰᠴᠤ | ᠰᠠᠨᠠᠭ᠎ᠠ ᠪᠥᠬᠦᠢ ᠨᠡᠶᠢᠯᠡᠭᠡᠳᠦ | ᠬᠥᠭᠡ ᠰᠢᠷᠡᠮᠤᠨ ᠵᠢᠯᠡᠪᠴᠢ ᠪᠠᠨ | ᠬᠥᠪᠣᠩ ᠴᠠᠭᠠᠨ ᠤᠷᠢᠶᠠᠯᠲᠠ ᠪᠠᠷ ᠢᠶᠠᠨ ᠤᠷᠢᠶᠠᠵᠤ | ᠠᠩᠬᠢᠯᠤᠮ᠎ᠠ ᠰᠠᠶᠢᠬᠠᠨ ᠠᠷᠢᠬᠢ ᠪᠠᠨ | ᠠᠯᠲᠠᠨ ᠬᠤᠨᠳᠠᠭᠠᠨ ᠳᠤ ᠪᠠᠨ ᠬᠢᠵᠦ | ᠠᠮᠠᠰᠠᠷ ᠲᠦᠭᠦᠷᠡᠩ ᠮᠡᠯᠮᠡᠯᠵᠡᠭᠦᠯᠦᠭᠡᠳ | ᠲᠦᠭᠦᠷᠡᠩ ᠪᠡᠯᠭᠡ ᠲᠠᠢ | ᠲᠥᠪᠰᠢᠨ ᠵᠢᠷᠭᠠᠯ ᠲᠠᠢ | ᠰᠠᠨᠠᠭ᠎ᠠ ᠪᠦᠬᠦᠢ ᠨᠡᠶᠢᠯᠡᠭᠡᠳ | ᠰᠠᠨᠠᠭᠰᠠᠨ ᠪᠥᠬᠦᠨ ᠪᠦᠲᠦᠭᠡᠳ | ᠠᠷᠢᠬᠢ ᠨᠡᠷ᠎ᠡ ᠲᠠᠢ ᠪᠣᠯᠪᠠᠴᠤ | ᠠᠷᠢᠭᠤᠨ ᠴᠢᠨᠠᠷ ᠲᠠᠢ ᠢᠳᠡᠭᠡ | ᠰᠠᠷᠬᠤᠳ ᠨᠡᠷ᠎ᠡ ᠲᠠᠢ ᠪᠣᠯᠪᠠᠴᠤ | ᠰᠠᠶᠢᠬᠠᠨ ᠴᠢᠨᠠᠷ ᠲᠠᠢ ᠢᠳᠡᠭᠡ | ᠠᠪᠠᠭᠠᠢ ᠪᠠᠷᠢᠶᠠᠳ | ᠠᠴᠢᠨᠠᠷ ᠳᠡᠭᠦᠤᠨᠠᠷ ᠤᠨ ᠮᠢᠨᠢ | ᠰᠠᠭᠠᠭᠰᠠᠨ ᠰᠦ ᠨᠢ | ᠰᠠᠪᠠ ᠪᠠᠨ ᠪᠢᠯᠬᠠᠭᠠᠳ | ᠰᠠᠨᠠᠭᠰᠠᠨ ᠰᠠᠨᠠᠭ᠎ᠠ ᠴᠢᠨᠢ | ᠨᠣᠮ ᠤᠨ ᠶᠣᠰᠣᠭᠠᠷ ᠪᠦᠲᠦᠭᠡᠳ | ᠤᠷᠳᠤᠭᠤᠷ ᠢᠶᠠᠨ ᠭᠠᠷᠤᠭᠰᠠᠨ ᠢ ᠤᠮᠳᠠᠯᠠᠭᠠᠳ | ᠬᠤᠶᠢᠭᠤᠷ ᠢᠶᠠᠨ ᠭᠠᠷᠤᠭᠰᠠᠨ ᠢ ᠬᠤᠭᠤᠯᠠᠯᠠᠭᠠᠳ | ᠠᠶᠢᠷᠠᠭ ᠤᠨ ᠡᠵᠡᠨ ᠠᠵᠠᠢ ᠪᠣᠭᠤᠷᠤᠯ | ᠬᠦᠷᠥᠩᠬᠡ ᠶᠢᠨ ᠡᠵᠡᠨ ᠬᠥᠬᠡ ᠪᠣᠭᠤᠷᠤᠯ ᠪᠣᠯᠬᠤ | ᠰᠠᠶᠢᠨ ᠢᠷᠦᠭᠡᠯ ᠢ ᠰᠠᠭᠠᠳᠠᠭᠤᠯᠤᠨ ᠠᠶᠢᠯᠠᠳᠬᠠᠶ᠎ᠠ᠃ | | | ︽ ᠣᠷᠳᠣᠰ ᠮᠤᠩᠭᠤᠯ ᠤᠨ ᠲᠠᠪᠤᠨᠬᠤᠰᠢᠭᠤ ᠮᠠᠯ ᠤᠨ ᠢᠷᠦᠭᠡᠯ | ᠮᠠᠭᠲᠠᠭᠠᠯ ᠵᠤᠶᠢᠷ ᠰᠡᠴᠡᠨ ᠦᠭᠡ ᠦᠯᠢᠭᠡᠷ ᠳᠣᠮᠤᠭ ︾ ᠨᠣᠮ ᠠᠴᠠ | | |