ᠱᠠᠭᠠᠵᠠᠩᠲᠤ ᠶᠢᠨ ᠳᠠᠪᠠᠭ᠎ᠠ ᠶᠢ | ᠰᠢᠷᠭ᠎ᠠ ᠮᠣᠷᠢ ᠪᠠᠷ ᠢᠶᠠᠨ ᠳᠣᠭᠤᠯᠤᠶᠠ ᠳᠤ | ᠱᠠᠵᠢᠨ ᠪᠤᠷᠬᠠᠨ ᠬᠤᠶᠠᠷ ᠢ ᠪᠠᠨ | ᠣᠷᠣᠢ ᠳᠡᠭᠡᠷ᠎ᠡ ᠪᠠᠨ ᠰᠢᠳᠤᠶᠡ ᠳᠤ | ᠪᠣᠷᠭᠠᠰᠤᠲᠤ ᠶᠢᠨ ᠳᠠᠪᠠᠭ᠎ᠠ ᠶᠢ | ᠪᠣᠭᠤᠷᠤᠯ ᠮᠣᠷᠢ ᠪᠠᠷ ᠢᠶᠠᠨ ᠲᠣᠭᠤᠯᠤᠶᠠ ᠳ᠋ᠤᠣ | ᠪᠤᠷᠬᠠᠨ ᠱᠠᠵᠢᠨ ᠬᠤᠶᠠᠷ ᠢ ᠪᠠᠨ | ᠣᠷᠣᠢ ᠳᠡᠭᠡᠷ᠎ᠡ ᠪᠠᠨ ᠰᠢᠳᠤᠶᠡ ᠳ᠋ᠦ᠋ᠣ | ᠬᠤᠯᠤᠰᠤᠲᠤ ᠶᠢᠨ ᠳᠠᠪᠠᠭ᠎ᠠ ᠶᠢ | ᠬᠤᠯᠤᠰᠤᠨ ᠰᠢᠷᠭ᠎ᠠ ᠪᠠᠷ ᠢᠶᠠᠨ ᠳᠤᠭᠤᠯᠤᠶᠠ ᠳᠤ | ᠬᠤᠸᠠᠷᠠᠭ ᠱᠠᠵᠢᠨ ᠬᠤᠶᠠᠷ ᠢ ᠪᠠᠨ | ᠣᠷᠣᠢ ᠳᠡᠭᠡᠷ᠎ᠡ ᠪᠠᠨ ᠰᠢᠳᠤᠶᠡ ᠳ᠋ᠦ᠋ᠣ | ᠡᠯᠡᠰᠦᠲᠦ ᠶᠢᠨ ᠳᠠᠪᠠᠭ᠎ᠠ ᠶᠢ | ᠡᠮᠨᠢᠭ ᠰᠢᠷᠭ᠎ᠠ ᠪᠠᠷ ᠢᠶᠠᠨ ᠳᠤᠭᠤᠯᠤᠶᠠ ᠳ᠋ᠦ᠋ᠤᠣ | ᠡᠵᠢ ᠠᠪᠤ ᠬᠤᠶᠠᠷ ᠪᠠᠨ | ᠣᠷᠣᠢ ᠳᠡᠭᠡᠷ᠎ᠡ ᠪᠠᠨ ᠰᠢᠳᠤᠶᠡ ᠳ᠋ᠦ᠋ᠣ | ᠠᠷᠤ ᠰᠢᠯᠢ ᠶᠢᠨ ᠳᠠᠪᠠᠭ᠎ᠠ ᠶᠢ | ᠠᠯᠠᠭ ᠮᠣᠷᠢ ᠪᠠᠷ ᠢᠶᠠᠨ ᠳᠣᠭᠤᠯᠤᠶᠠ ᠳᠤ | ᠠᠪᠤ ᠡᠵᠢ ᠬᠤᠶᠠᠷ ᠢ ᠪᠠᠨ | ᠣᠷᠣᠢ ᠳᠡᠭᠡᠷ᠎ᠡ ᠪᠠᠨ ᠰᠢᠳᠤᠶᠡ ᠳ᠋ᠦ᠋ᠣ | ᠬᠠᠳᠠᠲᠤ ᠶᠢᠨ ᠳᠠᠪᠠᠭ᠎ᠠ ᠶᠢ | ᠬᠠᠷ᠎ᠠ ᠮᠣᠷᠢ ᠪᠠᠷ ᠢᠶᠠᠨ ᠳᠣᠭᠤᠯᠤᠶᠠ ᠳ᠋ᠤᠣ | ᠬᠠᠶᠢᠷᠠᠲᠤ ᠬᠤᠶᠠᠷ ᠨᠠᠰᠤᠲᠠᠨ ᠢ ᠪᠠᠨ | ᠣᠷᠣᠢ ᠳᠡᠭᠡᠷ᠎ᠡ ᠪᠠᠨ ᠰᠢᠳᠤᠶᠡ ᠳᠤ | ᠡᠯᠡᠰᠦ ᠶᠢ ᠬᠥᠳᠡᠯᠭᠡᠳᠡᠭ ᠨᠢ | ᠬᠤᠢ ᠰᠠᠯᠬᠢᠨ ᠬᠤᠶᠠᠷ ᠰᠢᠤᠤ | ᠡᠯᠢᠭᠡ ᠵᠢᠷᠤᠡ ᠶᠢ ᠬᠥᠳᠡᠯᠭᠡᠳᠡᠭ ᠨᠢ | ᠡᠵᠢ ᠠᠪᠤ ᠬᠤᠶᠠᠷ ᠰᠢᠤᠤ | ᠵᠦᠯᠭᠡ ᠶᠢ ᠬᠥᠳᠡᠯᠭᠡᠳᠡᠭ ᠨᠢ | ᠦᠶᠡᠷ ᠪᠣᠷᠣᠭᠠᠨ ᠬᠤᠶᠠᠷ ᠰᠢᠤᠤ | ᠵᠢᠷᠦᠬᠡ ᠡᠯᠢᠭᠡ ᠶᠢ ᠬᠥᠳᠡᠯᠭᠡᠳᠡᠭ ᠨᠢ | ᠡᠵᠢ ᠠᠪᠤ ᠬᠤᠶᠠᠷ ᠰᠢᠤᠤ | ᠱᠠᠭᠠᠵᠠᠩᠲᠤ ᠶᠢᠨ ᠳᠠᠪᠠᠭ᠎ᠠ ᠶᠢ | ᠰᠢᠷᠭ᠎ᠠ ᠮᠣᠷᠢ ᠪᠷ ᠢᠶᠠᠨ ᠳᠣᠭᠤᠯᠤᠶᠠ ᠳᠤ | ᠰᠠᠷᠠᠭᠤᠯ ᠰᠠᠶᠢᠬᠠᠨ ᠨᠤᠲᠤᠭ ᠳᠡᠭᠡᠷ᠎ᠡ ᠪᠠᠨ | ᠰᠠᠨᠠᠭ᠎ᠠ ᠳᠠᠪᠠ ᠪᠠᠷ ᠵᠢᠷᠭᠠᠶ᠎ᠠ ᠳᠤ | ᠤᠷᠲᠤ ᠰᠢᠷ᠎ᠠ ᠬᠤᠯᠤᠰᠤ ᠨᠢ | ᠦᠶ᠎ᠡ ᠪᠠᠨ ᠳᠠᠭᠠᠭᠠᠳ ᠨᠠᠶᠢᠭᠤᠨ᠎ᠠ ᠳᠤ | ᠦᠶ᠎ᠡ ᠶᠢᠨ ᠪᠠᠭ᠎ᠠ ᠶᠢᠨ ᠪᠢᠳᠡ ᠴᠢᠨᠢ | ᠨᠠᠶᠢᠯᠠᠨ ᠬᠠᠮᠲᠤ ᠵᠢᠷᠭᠠᠶ᠎ᠠ ᠳ᠋ᠣᠣ᠃ | ︽ ᠲᠤᠩᠭᠠᠯᠠᠭ ᠭᠤᠣᠯ︾ ᠭᠡᠬᠦ ᠨᠤᠮ ᠠᠴᠠ ᠪᠠᠭᠤᠯᠭᠠᠪᠠ | | |