ᠠᠷᠢᠭᠤᠨ ᠲᠤᠩᠭᠠᠯᠠᠭ ᠠᠯᠲᠠᠨ ᠲᠦᠰᠢ ᠠᠪᠤ ᠶᠢᠨ ᠮᠢᠨᠢ ᠨᠤᠲᠤᠭ ᠰᠢᠤ | ᠠᠭᠠᠷ ᠲᠡᠭᠷᠢ ᠶᠢᠨ ᠤᠳᠣᠨ ᠠᠴᠠ ᠪᠠᠨ ᠠᠮᠤᠷ ᠳᠤ ᠯᠡ ᠵᠠᠶᠠᠭᠠᠭᠰᠠᠨ ᠶᠤᠮ ᠡ ᠳ᠋ᠤᠣ | ᠠᠷᠤ ᠶᠢᠨ ᠦᠨᠳᠤᠷ ᠰᠢᠯᠢ ᠳᠡᠭᠡᠷ᠎ᠡ ᠪᠠᠨ ᠭᠠᠷᠤᠭᠠᠳ ᠬᠠᠷᠠᠬᠤᠢ ᠳᠤ | ᠠᠪᠤ ᠶᠢᠨ ᠨᠤᠲᠤᠭ ᠠᠯᠲᠠᠨ ᠲᠦᠰᠢ ᠵᠢᠭᠳᠡᠷᠡᠳᠡᠭ ᠯᠡᠠ ᠶᠤᠮ ᠡ ᠳ᠋ᠤᠣ | ᠤᠷᠲᠤ ᠦᠨᠳᠤᠷ ᠰᠢᠯᠢ ᠳᠡᠭᠡᠷ᠎ᠡ ᠪᠠᠨ ᠭᠠᠷᠤᠭᠠᠳ ᠬᠠᠷᠠᠬᠤᠢ ᠳᠤ | ᠤᠷᠠᠨ ᠲᠦᠰᠢ ᠡᠵᠢ ᠶᠢᠨ ᠮᠢᠨᠢ ᠨᠤᠲᠤᠭ ᠣᠶᠢᠷᠬᠠᠨ ᠬᠠᠷᠠᠭᠳᠠᠨ᠎ᠠ ᠳ᠋ᠣᠣ | ᠤᠷᠠᠨ ᠰᠠᠶᠢᠬᠠᠨ ᠤᠬᠠᠭ᠎ᠠ ᠶᠢ ᠴᠢᠨᠢ ᠰᠢᠨᠵᠢᠨ ᠰᠠᠭᠤᠬᠤᠢ ᠳᠤ | ᠤᠷᠣᠰᠬᠠᠯ ᠪᠤᠯᠠᠭ ᠤᠨ ᠤᠰᠤᠨ ᠮᠡᠳᠦ ᠯᠠ ᠤᠨᠳᠤᠷᠳᠠᠭ ᠯᠠ ᠶᠤᠮ ᠡ ᠳ᠋ᠤᠣ | ᠰᠢᠷ᠎ᠠ ᠲᠤᠷᠭᠠᠨ ᠬᠠᠨᠵᠢᠶᠠᠷ ᠢ ᠴᠢᠨᠢ ᠰᠢᠭᠯᠠᠨ ᠰᠠᠭᠤᠬᠤᠢ ᠳᠤ | ᠰᠢᠷ᠎ᠠ ᠲᠠᠯ᠎ᠠ ᠶᠢᠨ ᠪᠠᠶᠠᠰᠬᠤᠯᠠᠩ ᠯᠠ ᠪᠠᠶᠢᠬᠤ ᠯᠠ ᠮᠠᠶ᠋ᠢᠭᠲᠠᠢ | ᠰᠢᠩᠭᠡᠨ ᠬᠠᠷ᠎ᠠ ᠯᠠ ᠬᠥᠮᠦᠰᠭᠡ ᠶᠢ ᠴᠢᠨᠢ ᠰᠢᠨᠵᠢᠨ ᠰᠠᠭᠤᠬᠤᠢ ᠳᠤ | ᠰᠢᠨ᠎ᠡ ᠶᠢᠨ ᠭᠤᠷᠪᠠᠨ ᠤ ᠰᠠᠷ᠎ᠠ ᠮᠡᠲᠦ ᠯᠡ ᠵᠢᠷᠪᠢᠰ ᠭᠡᠳᠡᠭ ᠯᠡ ᠶᠤᠮ ᠡ ᠳ᠋ᠤᠣ | ᠢᠨᠵᠢᠨ ᠳᠤ ᠥᠭᠭᠦᠭᠰᠡᠨ ᠴᠡᠪᠢᠲᠠᠷ ᠮᠣᠷᠢᠨ ᠳᠤ ᠪᠠᠨ ᠮᠣᠷᠳᠠᠵᠤ ᠶᠠᠪᠤᠬᠤᠢ ᠳᠤ | ᠡᠵᠢ ᠶᠢᠨ ᠨᠤᠲᠤᠭ ᠤᠷᠠᠨ ᠲᠦᠰᠢ ᠵᠢᠭᠢᠷᠠᠵᠤ ᠬᠠᠷᠠᠭᠳᠠᠨ᠎ᠠ ᠳ᠋ᠤᠣ | ᠬᠡᠪᠢᠰ ᠡᠷᠢᠶᠡᠨ ᠵᠠᠪᠶᠠᠯ ᠢ ᠴᠢᠨᠢ ᠲᠦᠰᠢᠨ ᠰᠠᠭᠤᠬᠤᠢ ᠳᠤ | ᠬᠡᠭᠡᠨᠴᠢᠷ ᠲᠦᠷᠥᠭᠰᠡᠨ ᠪᠠᠶ᠋ᠰᠬᠤᠯᠠᠩ ᠪᠠᠶᠢᠬᠤ ᠯᠠ ᠮᠠᠶ᠋ᠢᠭᠲᠠᠢ | ᠨᠠᠰᠤ ᠪᠠᠭ᠎ᠠ ᠶᠢᠨ ᠪᠡᠶ᠎ᠡ ᠶᠢ ᠴᠢᠨᠢ ᠰᠢᠨᠵᠢᠨ ᠬᠠᠷᠠᠬᠤᠯᠠᠷ ᠨᠢ | ᠨᠠᠢᠮᠠᠨ ᠰᠠᠷ᠎ᠠ ᠶᠢᠨ ᠴᠡᠴᠡᠭ ᠮᠡᠳᠦ ᠯᠡ ᠨᠠᠶᠢᠭᠤᠯᠵᠠᠵᠤ ᠯᠡ ᠪᠠᠶᠢᠨ᠎ᠠ | ᠵᠢᠷᠤᠭ᠎ᠠ ᠮᠣᠷᠢ ᠵᠠᠮ ᠤᠨ ᠳᠤᠮᠳᠠ ᠴᠦᠮᠴᠦᠷᠢᠭᠦᠢ ᠳᠤ | ᠵᠢᠯᠭᠤ ᠴᠣᠯᠪᠤᠭᠤᠷ ᠭᠠᠷ ᠤᠨ ᠦᠵᠦᠭᠦᠷ ᠢ ᠰᠢᠪᠲᠤᠷᠠᠳᠠᠭ ᠯᠡᠡ ᠳ᠋ᠤᠣ | ᠳᠠᠯᠠᠨ ᠯᠠᠩ ᠤᠨ ᠵᠢᠷᠤᠭ᠎ᠠ ᠮᠦᠷᠢ ᠶᠢ ᠪᠠᠨ ᠤᠨᠤᠭᠠᠳ ᠮᠦᠷᠳᠠᠬᠤᠢ ᠳᠤ | ᠳᠠᠪᠬᠤᠷ ᠠᠯᠬᠤᠨ ᠬᠤᠶᠠᠷ ᠨᠢᠳᠦ ᠪᠡ᠊ ᠢᠶᠠᠨ ᠮᠡᠮᠡᠷᠡᠭᠦᠯᠳᠡᠭ ᠶᠤᠮ ᠡ ᠳ᠋ᠤᠣ | ᠶᠠᠷᠠᠨ ᠯᠠᠩ ᠤᠨ ᠵᠢᠷᠤᠭ᠎ᠠ ᠮᠦᠢ ᠶᠢ ᠪᠠᠨ ᠤᠨᠤᠭᠠᠳ ᠮᠣᠷᠳᠠᠬᠤᠢ ᠳᠤ | ᠢᠭᠡᠷ᠎ᠡ ᠠᠯᠠᠨ ᠨᠢᠳᠦ ᠠᠴᠠ ᠨᠢᠯᠪᠤᠰᠤ ᠮᠠᠯᠮᠡᠷᠡᠳᠡᠭ ᠶᠤᠮ ᠡ ᠳ᠋ᠤᠣ | | | | | | | ︽ ᠲᠤᠩᠭᠠᠯᠠᠭ ᠭᠤᠣᠯ︾ ᠭᠡᠬᠦ ᠨᠤᠮ ᠠᠴᠠ ᠪᠠᠭᠤᠯᠭᠠᠪᠠ | | | | |