ᠬᠠᠷ᠎ᠠ ᠮᠣᠷᠢ ᠬᠦᠷᠪᠡᠭᠰᠡᠨ ᠭᠠᠵᠠᠷ
ᠨᠡᠶᠢᠲᠡᠯᠡᠭᠰᠡᠨ ᠴᠠᠭ᠄
2024/12/18
ᠬᠠᠷ᠎ᠠ ᠮᠣᠷᠢ ᠬᠦᠷᠪᠡᠭᠰᠡᠨ ᠭᠠᠵᠠᠷ ᠲᠤ   ᠬᠠᠭᠠᠨ ᠤ ᠱᠠᠩ ᠢ ᠪᠠᠶᠢᠭᠤᠯᠤᠭᠰᠠᠨ ᠰᠠᠶᠢᠨ      ᠬᠠᠭᠠᠨ ᠤ ᠱᠠᠩ ᠢ ᠪᠠᠶᠢᠭᠤᠯᠤᠭᠰᠠᠨ ᠠᠴᠠ ᠬᠤᠶᠢᠰᠢ         ᠬᠠᠮᠤᠭ ᠲᠦᠮᠡᠨ ᠠᠮᠤᠷ ᠵᠢᠷᠭᠠᠭᠰᠠᠨ ᠰᠠᠶᠢᠨᠠᠯᠠᠭ ᠮᠣᠷᠢ ᠬᠦᠷᠪᠡᠭᠰᠡᠨ ᠭᠠᠵᠠᠷ  ᠲᠤ   ᠠᠯᠲᠠᠨ ᠱᠠᠩ ᠢ ᠪᠠᠶᠢᠭᠤᠯᠤᠭᠰᠠᠨ ᠰᠠᠶᠢᠨ      ᠠᠯᠲᠠᠨ ᠱᠠᠩ ᠢ ᠪᠠᠶᠢᠭᠤᠯᠤᠭᠰᠠᠨ ᠠᠴᠠ ᠬᠤᠶᠢᠰᠢ         ᠠᠷᠠᠳ ᠪᠢᠳᠠᠨ ᠠᠮᠤᠷ ᠵᠢᠷᠭᠠᠭᠰᠠᠨ ᠰᠠᠶᠢᠨᠪᠣᠷᠣ ᠮᠣᠷᠢ ᠬᠦᠷᠪᠡᠭᠰᠡᠨ ᠭᠠᠵᠠᠷ  ᠲᠤ   ᠪᠣᠭᠲᠠ ᠶᠢᠨ ᠱᠠᠩ ᠢ ᠪᠠᠶᠢᠭᠤᠯᠤᠭᠰᠠᠨ ᠰᠠᠶᠢᠨ      ᠪᠣᠭᠲᠠ ᠶᠢᠨ ᠱᠠᠩ ᠢ ᠪᠠᠶᠢᠭᠤᠯᠤᠭᠰᠠᠨ ᠠᠴᠠ ᠬᠤᠶᠢᠰᠢ         ᠪᠣᠷᠣᠳᠤᠬᠤᠢ ᠠᠮᠤᠷᠵᠢᠭᠰᠠᠨ ᠰᠠᠶᠢᠨᠰᠢᠷᠭ᠎ᠠ ᠮᠣᠷᠢ ᠬᠦᠷᠪᠡᠭᠰᠡᠨ ᠭᠠᠵᠠᠷ ᠲᠤ   ᠱᠠᠮᠪᠠᠯ ᠤᠨ ᠣᠷᠣᠨ ᠢ ᠪᠠᠶᠢᠭᠤᠯᠤᠭᠰᠠᠨ ᠰᠠᠶᠢᠨ      ᠱᠠᠮᠪᠠᠯ ᠤᠨ ᠣᠷᠣᠨ ᠢ ᠪᠠᠶᠢᠭᠤᠯᠤᠭᠰᠠᠨ ᠠᠴᠠ ᠬᠤᠶᠢᠰᠢ         ᠱᠠᠰᠢᠨ ᠲᠥᠷᠥ ᠠᠮᠤᠷᠵᠢᠭᠰᠠᠨ ᠰᠠᠶᠢᠨᠠᠯᠲᠠ ᠪᠠᠷ ᠠᠯᠳᠠᠯᠠᠭᠰᠠᠨ ᠠᠯᠲᠠᠨ ᠭᠠᠨᠳᠠᠷᠢ ᠪᠠᠨ   ᠠᠷᠤ ᠬᠦᠷᠢᠶᠡᠨ ᠳᠤ ᠪᠠᠨ ᠪᠠᠶᠢᠭᠤᠯᠤᠭᠰᠠᠨ ᠰᠠᠶᠢᠨ      ᠠᠷᠤ ᠬᠦᠷᠢᠶᠡᠨ ᠳᠤ ᠪᠠᠨ ᠪᠠᠶᠢᠭᠤᠯᠤᠭᠰᠠᠨ ᠠᠴᠠ ᠬᠤᠶᠢᠰᠢ         ᠠᠷᠠᠳ ᠲᠦᠮᠡᠨ ᠠᠮᠤᠷᠵᠢᠭᠰᠠᠨ ᠰᠠᠶᠢᠨᠮᠦᠩᠭᠦ  ᠪᠠᠷ ᠮᠦᠩᠭᠦᠯᠡᠭᠰᠡᠨ ᠮᠦᠩᠭᠦᠨ ᠭᠠᠨᠳᠠᠷᠢ ᠪᠠᠨ   ᠮᠦᠩᠬᠡ ᠵᠣᠣ ᠳᠤ ᠪᠠᠨ ᠪᠠᠶᠢᠭᠤᠯᠤᠭᠰᠠᠨ ᠰᠠᠶᠢᠨ      ᠮᠦᠩᠬᠡ ᠵᠣᠣ ᠳᠤ ᠪᠠᠨ ᠪᠠᠶᠢᠭᠤᠯᠤᠭᠰᠠᠨ ᠠᠴᠠ ᠬᠤᠶᠢᠰᠢ         ᠮᠥᠨ ᠴᠤ ᠪᠢᠳᠠᠨ ᠠᠮᠤᠷᠵᠢᠭᠰᠠᠨ ᠰᠠᠶᠢᠨ᠃                ︽  ᠲᠤᠩᠭᠠᠯᠠᠭ ᠭᠤᠣᠯ︾  ᠭᠡᠬᠦ  ᠨᠤᠮ ᠠᠴᠠ  ᠪᠠᠭᠤᠯᠭᠠᠪᠠ
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ