ᠬᠠᠳᠠᠲᠤ ᠪᠤᠯᠠᠭ ᠤᠨ ᠴᠢᠨᠢ ᠤᠰᠤ ᠨᠢ | ᠬᠠᠳᠠᠨ ᠤ ᠪᠠᠨ ᠠᠶᠠᠰ ᠢᠶᠠᠷ ᠣᠷᠣᠰᠤᠨᠠ | ᠬᠠᠶᠢᠷᠠᠯᠠᠵᠤ ᠥᠰᠭᠡᠭᠰᠡᠨ ᠠᠪᠤ ᠡᠵᠢ ᠮᠢᠨᠢ | ᠪᠢᠳᠠᠨ ᠳᠤ ᠪᠠᠨ ᠬᠦᠰᠡᠯᠡᠩ | ᠡᠷᠬᠢᠳᠦ ᠪᠤᠯᠠᠭ ᠤᠨ ᠤᠰᠤ ᠨᠢ | ᠡᠷᠬᠢᠨ ᠤ ᠪᠠᠨ ᠠᠶᠠᠰ ᠢᠶᠠᠷ ᠣᠷᠣᠰᠤᠨᠠ | ᠡᠩᠭᠦᠷᠡᠶᠢᠯᠡᠵᠦ ᠦᠥᠰᠭᠡᠭᠰᠡᠨ ᠠᠪᠤ ᠡᠵᠢ ᠮᠢᠨᠢ | ᠪᠢᠳᠠᠨ ᠳᠤ ᠪᠠᠨ ᠬᠦᠰᠡᠯᠡᠩ | ᠰᠠᠶᠢᠷ ᠶᠤ᠋ ᠪᠤᠯᠠᠭ ᠤᠨ ᠤᠰᠤ ᠨᠢ | ᠰᠠᠶᠢᠷ ᠢᠶᠠᠨ ᠳᠠᠭᠠᠭᠠᠳ ᠤᠷᠣᠰᠤᠨᠠ | ᠰᠠᠶᠢᠬᠠᠨ ᠦᠰᠭᠡᠭᠰᠡᠨ ᠠᠪᠤ ᠡᠵᠢ ᠮᠢᠨᠢ | ᠪᠢᠳᠠᠨ ᠳᠤ ᠪᠠᠨ ᠬᠦᠰᠡᠯᠡᠩ | ᠴᠠᠭᠠᠨ ᠪᠤᠯᠠᠭ ᠤᠨ ᠤᠰᠤ ᠨᠢ | ᠴᠠᠶᠢᠳᠠᠮ ᠤᠨ ᠢᠶᠠᠨ ᠠᠶᠠᠰ ᠢᠶᠠᠷ ᠤᠷᠤᠰᠤᠨ᠎ᠠ | ᠴᠠᠭᠠᠨ ᠰᠦ ᠪᠠᠨ ᠰᠢᠮᠡᠭᠦᠯᠦᠭᠰᠡᠨ ᠡᠵᠢ ᠠᠪᠤ ᠮᠢᠨᠢ | ᠪᠢᠳᠠᠨ ᠳᠤ ᠪᠠᠨ ᠬᠦᠰᠡᠯᠡᠩ | ᠮᠠᠩᠬᠠᠲᠤ ᠪᠤᠯᠠᠭ ᠤᠨ ᠴᠢᠨᠢ ᠤᠰᠤ ᠨᠢ | ᠮᠠᠩᠬᠠᠨ ᠤ ᠪᠠᠨ ᠠᠶᠠᠰ ᠢᠶᠠᠷ ᠣᠷᠤᠰᠤᠨ᠎ᠠ | ᠮᠠᠨᠴᠤᠶᠢᠯᠡᠵᠦ ᠥᠰᠭᠡᠭᠰᠡᠨ ᠠᠪᠤ ᠡᠵᠢ ᠮᠢᠨᠢ | ᠪᠢᠳᠠᠨ ᠳᠤ ᠪᠠᠨ ᠬᠦᠰᠡᠯᠡᠩ | ᠪᠡᠭᠡᠵᠢᠩ ᠳᠤ ᠯᠡ ᠭᠡᠭᠴᠢ ᠬᠤᠳᠠᠨ ᠳᠤ | ᠪᠢᠲᠡᠷᠯᠡᠭᠦᠯᠵᠤ ᠵᠠᠰᠠᠭᠰᠠᠨ ᠭᠤᠣ ᠶᠤᠮ | ᠪᠡᠶ᠎ᠡ ᠳᠤ ᠵᠡᠷᠭᠡ ᠳᠤ ᠬᠦᠷᠬᠦ ᠳᠤ | ᠵᠡᠭᠦᠶ᠎ᠡ ᠯᠠ ᠭᠡᠰᠡᠨ ᠭᠤᠣ ᠶᠤᠮ ᠳᠤ | ᠨᠠᠨᠵᠢᠩ ᠶᠤ᠋ ᠯᠠ ᠭᠡᠭᠴᠢ ᠬᠤᠳᠠᠨ ᠳᠤ | ᠨᠠᠶᠢᠷᠠᠭᠤᠯᠵᠤ ᠵᠠᠰᠠᠭᠰᠠᠨ ᠭᠤᠣ ᠶᠤᠮ | ᠨᠠᠶᠢᠷ ᠴᠤ ᠨᠠᠭᠠᠳᠤᠮ ᠤᠨ ᠭᠠᠵᠠᠷ ᠲᠤ ᠪᠠᠨ | ᠵᠡᠭᠦᠶ᠎ᠡ ᠯᠠ ᠭᠡᠰᠡᠨ ᠭᠤᠣ ᠶᠤᠮ ᠳᠤ | ᠠᠷᠪᠠᠨ ᠨᠠᠢᠮᠠᠨ ᠨᠠᠰᠤᠲᠠᠢ ᠳᠤ ᠪᠠᠨ | ᠠᠶᠢᠯ ᠤᠨ ᠡᠭᠦᠳᠡᠨ ᠳᠤ ᠶᠠᠪᠤᠯ᠎ᠠ | ᠠᠯᠢᠶ᠎ᠠ ᠪᠠᠭ᠎ᠠ ᠶᠢᠨ ᠪᠢᠳᠠᠨ ᠨᠢ | ᠠᠬ᠎ᠠ ᠳᠤ ᠯᠡ ᠪᠡᠷᠭᠡᠨ ᠤ ᠪᠠᠨ ᠬᠦᠰᠡᠯᠡᠩ | ᠬᠤᠷᠢᠨ ᠶᠤ᠋ ᠨᠠᠰᠤ ᠭᠦᠷᠣᠯᠡ | ᠬᠤᠯᠠ ᠯᠠ ᠭᠠᠵᠠᠷ ᠰᠠᠭᠤᠯ᠎ᠠ | ᠬᠤᠩᠭᠤᠷ ᠳᠤ ᠪᠠᠭ᠎ᠠ ᠶᠢᠨ ᠪᠢᠳᠠᠨ ᠨᠢ | ᠬᠤᠶᠠᠷ ᠶᠤ᠋ ᠪᠡᠷᠭᠡᠨ ᠤ ᠪᠠᠨ ᠬᠦᠰᠡᠯᠡᠩ᠃ | | | | | ︽ ᠲᠤᠩᠭᠠᠯᠠᠭ ᠭᠤᠣᠯ︾ ᠭᠡᠬᠦ ᠨᠤᠮ ᠠᠴᠠ ᠪᠠᠭᠤᠯᠭᠠᠪᠠ |