ᠰᠠᠭᠠᠷᠠᠯ ᠳᠤ ᠮᠣᠷᠢᠨ ᠳᠤ ᠪᠠᠨ ᠡᠮᠡᠭᠡᠯ ᠢᠶᠠᠨ ᠲᠣᠬᠤᠭᠠᠳ ᠠᠢ ᠠᠶᠢᠬᠤᠷ ᠬᠠᠢ | ᠰᠠᠨᠠᠭᠰᠠᠨ ᠭᠠᠵᠠᠷ ᠲᠤ ᠪᠠᠨ ᠬᠦᠷᠦᠭᠡᠳ ᠢᠷᠡᠭᠰᠡᠨ ᠶᠤᠮ ᠳ᠋ᠤᠣ | ᠰᠡᠲᠤᠨ ᠳᠤ ᠲᠦᠷᠤᠯ ᠲᠠᠢ ᠪᠠᠨ ᠤᠴᠠᠷᠠᠨ ᠵᠤᠯᠭᠠᠭᠠᠳ ᠠᠢ ᠠᠶᠢᠬᠤᠷ ᠬᠠᠢ | ᠰᠠᠮᠪᠠᠢ ᠳᠤ ᠬᠠᠳᠠᠭ ᠢᠶᠠᠨ ᠪᠠᠷᠢᠯᠴᠠᠨ ᠮᠠᠨᠳᠤᠴᠢᠯᠠᠶᠠ ᠳ᠋ᠣᠣ | ᠠᠭᠲᠠ ᠳᠤ ᠮᠣᠷᠢᠨ ᠳᠤ ᠪᠠᠨ ᠡᠮᠡᠭᠡᠯ ᠢᠶᠠᠨ ᠲᠣᠬᠤᠭᠠᠳ ᠠᠢ ᠠᠶᠢᠬᠤᠷ ᠬᠠᠢ | ᠠᠪᠤ ᠶᠢᠨ ᠢᠶᠠᠨ ᠨᠤᠲᠤᠭ ᠲᠤ ᠪᠠᠨ ᠬᠦᠷᠦᠭᠡᠳ ᠢᠷᠡᠭᠰᠡᠨ ᠶᠤᠮ ᠳ᠋ᠤᠣ | ᠠᠪᠤ ᠶᠢᠨ ᠲᠦᠷᠤᠯ ᠲᠠᠢ ᠪᠠᠨ ᠤᠴᠠᠷᠠᠨ ᠵᠤᠯᠭᠠᠭᠠᠳ ᠠᠢ ᠠᠶᠢᠬᠤᠷ ᠬᠠᠢ | ᠠᠮᠤᠷ ᠮᠠᠨᠳᠤ ᠶᠢᠨ ᠬᠠᠳᠠᠭ ᠢᠶᠠᠨ ᠪᠠᠷᠢᠯᠴᠠᠨ ᠮᠠᠨᠳᠤᠴᠢᠯᠠᠶᠠ ᠳ᠋ᠤᠣ | ᠡᠮᠨᠢᠭ ᠳᠤ ᠮᠣᠷᠢᠨ ᠳᠤ ᠪᠠᠨ ᠡᠮᠡᠭᠡᠯ ᠢᠶᠠᠨ ᠲᠣᠬᠤᠭᠠᠳ ᠠᠢ ᠠᠶᠢᠬᠤᠷ ᠬᠠᠢ | ᠡᠵᠢ ᠶᠢᠨ ᠢᠶᠠᠨ ᠨᠤᠲᠤᠭ ᠲᠤ ᠪᠠᠨ ᠬᠦᠷᠦᠭᠡᠳ ᠢᠷᠡᠭᠰᠡᠨ ᠶᠤᠮ ᠳ᠋ᠤᠣ | ᠡᠵᠢ ᠶᠢᠨ ᠲᠦᠷᠤᠯ ᠲᠠᠢ ᠪᠠᠨ ᠤᠴᠠᠷᠠᠨ ᠵᠤᠯᠭᠠᠭᠠᠳ ᠠᠢ ᠠᠶᠢᠬᠤᠷ ᠬᠠᠢ | ᠡᠩᠬᠡ ᠮᠠᠨᠳᠤ ᠶᠢᠨ ᠬᠠᠳᠠᠭ ᠢᠶᠠᠨ ᠪᠠᠷᠢᠯᠴᠠᠨ ᠮᠡᠨᠳᠦᠴᠢᠯᠠᠶᠠ ᠳ᠋ᠦ᠋ᠣ | ᠬᠦᠷᠩ ᠳᠤ ᠮᠣᠷᠢᠨ ᠳᠤ ᠪᠠᠨ ᠡᠮᠡᠭᠡᠯ ᠢᠶᠠᠨ ᠲᠣᠬᠤᠭᠠᠳ ᠠᠢ ᠠᠶᠢᠬᠤᠷ ᠬᠠᠢ | ᠬᠦᠷᠦᠶ᠎ᠡ ᠭᠡᠰᠡᠨ ᠭᠠᠵᠠᠷ ᠲᠤ ᠪᠠᠨ ᠬᠦᠷᠦᠭᠡᠳ ᠢᠷᠡᠭᠰᠡᠨ ᠶᠤᠮ ᠳ᠋ᠤᠣ | ᠬᠦᠨᠳᠦᠳᠦ ᠳᠤ ᠲᠦᠷᠥᠯ ᠲᠠᠢ ᠪᠠᠨ ᠤᠴᠠᠷᠠᠨ ᠵᠤᠯᠭᠠᠭᠠᠳ ᠠᠢ ᠠᠶᠢᠬᠤᠷ ᠬᠠᠢ | ᠬᠥᠬᠦᠦᠷ ᠳᠤ ᠬᠠᠳᠠᠭ ᠢᠶᠠᠨ ᠪᠠᠷᠢᠯᠴᠠᠨ ᠮᠡᠨᠳᠦᠴᠢᠯᠠᠶᠠ ᠳ᠋ᠦ᠋ᠣ | ᠪᠤᠭᠤᠷᠤᠯ ᠳᠤ ᠮᠣᠷᠢᠨ ᠳᠤ ᠪᠠᠨ ᠡᠮᠡᠭᠡᠯ ᠢᠶᠠᠨ ᠲᠣᠬᠤᠭᠠᠳ ᠠᠢ ᠠᠶᠢᠬᠤᠷ ᠬᠠᠢ | ᠪᠤᠳᠣᠭᠰᠠᠨ ᠭᠠᠵᠠᠷ ᠲᠤ ᠪᠠᠨ ᠭᠦᠷᠦᠭᠡᠳ ᠢᠷᠡᠭᠰᠡᠨ ᠶᠤᠮ ᠳ᠋ᠤᠣ | ᠪᠣᠯᠵᠣᠭᠠᠨ ᠤ ᠠᠮᠠᠷᠠᠭ ᠲᠠᠢ ᠪᠠᠨ ᠤᠴᠠᠷᠠᠨ ᠵᠤᠯᠭᠠᠭᠠᠳ ᠠᠢ ᠠᠶᠢᠬᠤᠷ ᠬᠠᠢ | ᠪᠣᠳᠣᠯ ᠤᠨ ᠢᠶᠠᠨ ᠬᠤᠶᠠᠷ ᠦᠭᠡ ᠪᠠᠨ ᠶᠠᠷᠢᠯᠴᠠᠭᠠᠳ ᠰᠠᠭᠤᠯ᠎ᠠ ᠳ᠋ᠣᠣ | ︽ ᠲᠤᠩᠭᠠᠯᠠᠭ ᠭᠤᠣᠯ︾ ᠭᠡᠬᠦ ᠨᠤᠮ ᠠᠴᠠ ᠪᠠᠭᠤᠯᠭᠠᠪᠠ | | | |