ᠵᠠᠮ ᠤᠨ ᠵᠠᠬ᠎ᠠ
ᠨᠡᠶᠢᠲᠡᠯᠡᠭᠰᠡᠨ ᠴᠠᠭ᠄
2024/12/17
ᠵᠠᠮ ᠤᠨ ᠵᠠᠬ᠎ᠠ ᠶᠢᠨ ᠵᠠᠭᠵᠠᠭᠠᠷ ᠬᠠᠶᠢᠯᠠᠰᠤ ᠶᠢ ᠴᠠᠪᠴᠢᠪᠠᠴᠤ ᠵᠠᠩᠭᠠᠷ ᠢᠶᠠᠨᠵᠢᠭᠠᠬᠠᠨ ᠪᠠᠭ᠎ᠠ  ᠶᠢᠨ ᠪᠢᠳᠡ ᠬᠤᠶᠠᠭᠤᠯᠠ ᠶᠢ ᠵᠠᠨᠴᠢᠪᠠᠴᠤ ᠵᠠᠩᠭᠠᠷ ᠢᠶᠠᠨ      ᠬᠠᠷ᠎ᠠ ᠳᠤ ᠯᠠ ᠮᠣᠷᠢ ᠶᠢ ᠳᠣᠭᠰᠢᠨ ᠭᠡᠳ ᠣᠨᠣᠬᠤ ᠪᠠᠨ ᠪᠠᠶᠢᠴᠢᠬ᠎ᠠ ᠶᠤᠮ ᠦᠦ ᠳ᠋ᠣᠣ      ᠬᠠᠳᠠᠮ ᠡᠬᠡ ᠴᠢᠨᠢ ᠬᠠᠯᠠᠲᠠᠢ ᠭᠡᠳ ᠬᠠᠨᠢᠯᠠᠬᠤ ᠪᠠᠨ ᠪᠠᠶᠢᠴᠢᠬ᠎ᠠ ᠶᠤᠮ ᠤ ᠳ᠋ᠤᠣᠶᠠᠷᠵᠠᠩ ᠬᠤᠯᠠ ᠶᠢ ᠪᠠᠨ ᠣᠨᠣᠬᠤ ᠶᠢᠨ ᠢᠶᠠᠨ ᠣᠷᠣᠨ ᠳᠤ ᠶᠠᠪᠠᠭᠠᠷ ᠶᠠᠪᠤᠭᠰᠠᠨ ᠳᠤ ᠪᠠᠨ ᠳᠡᠭᠡᠷ᠎ᠡᠶᠠᠯᠢᠬᠤ ᠦᠭᠡᠢ ᠬᠦᠮᠤᠨ ᠯᠦᠭᠡ ᠬᠠᠨᠢᠯᠠᠬᠤ ᠶᠢᠨ ᠣᠷᠣᠨ ᠳᠤ ᠭᠠᠭᠴᠠᠭᠠᠷ ᠢᠶᠠᠨ ᠶᠠᠪᠤᠭᠰᠠᠨ ᠨᠢ ᠳᠡᠭᠡᠷ᠎ᠡ      ᠴᠠᠭᠠᠨ ᠮᠣᠷᠢ ᠶᠢ ᠪᠠᠨ ᠣᠨᠤᠬᠤ ᠶᠢᠨ ᠣᠷᠣᠨ ᠳᠤ ᠴᠠᠭᠠᠭᠤᠷ ᠶᠠᠪᠤᠭᠰᠠᠨ ᠳᠤ ᠪᠠᠨ ᠳᠡᠭᠡᠷ᠎ᠡ      ᠴᠠᠭᠠᠨᠴᠠᠴᠡᠭ ᠤᠨ ᠳᠤ ᠣᠴᠢᠬᠤ ᠶᠢᠨ ᠣᠷᠣᠨ ᠳᠤ ᠴᠠᠭᠠᠳᠠᠶᠢᠭᠤᠷ ᠶᠠᠪᠤᠭᠰᠠᠨ  ᠳᠤ ᠪᠠᠨ ᠳᠡᠭᠡᠷ᠎ᠡᠬᠠᠳᠠ ᠪᠣᠯᠣᠭᠠᠳ ᠬᠠᠭᠠᠷᠠᠬᠤ ᠶᠢᠨ ᠢᠶᠠᠨ ᠣᠷᠣᠨ ᠳᠤ ᠬᠠᠶᠢᠷᠬᠠᠨ ᠪᠣᠯᠣᠭᠠᠳ ᠰᠣᠶᠢᠷᠡᠭᠰᠠᠨ ᠳᠡᠭᠡᠷ᠎ᠡᠬᠠᠨᠢᠯᠠᠵᠤ ᠪᠠᠶᠢᠭᠠᠳ ᠰᠠᠯᠬᠤ ᠶᠢᠨ ᠣᠷᠣᠨ ᠳᠤ ᠬᠠᠷᠢᠨ ᠶᠡᠷᠦ ᠳᠤ ᠪᠠᠨ ᠲᠠᠨᠢᠬᠤ ᠦᠭᠡᠢ ᠳᠤ ᠪᠠᠨ ᠳᠡᠭᠡᠷ᠎ᠡ      ᠡᠷᠬᠢ ᠪᠣᠯᠣᠭᠠᠳ ᠡᠮᠳᠡᠷᠡᠬᠦ ᠶᠢᠨ ᠢᠶᠠᠨ ᠣᠷᠣᠨ  ᠳᠤ ᠡᠯᠡᠰᠦ ᠪᠣᠯᠣᠭᠠᠳ ᠰᠦᠶᠢᠷᠡᠭᠰᠡᠨ ᠳᠡᠭᠡᠷ᠎ᠡ      ᠡᠷ᠎ᠡ ᠡᠮ᠎ᠡ ᠪᠣᠯᠣᠭᠠᠳ ᠰᠠᠯᠬᠤ ᠶᠢᠨ ᠣᠷᠣᠨ ᠳᠤ ᠡᠭᠡᠯ ᠶᠡᠷᠦ ᠳᠤ ᠪᠠᠨ ᠲᠠᠨᠢᠬᠤ ᠦᠭᠡᠢ ᠳ᠋ᠤ᠋‌‍ᠦ ᠪᠠᠨ ᠳᠡᠭᠡᠷ᠎ᠡᠴᠠᠭᠠᠨ ᠮᠣᠷᠢ ᠪᠠᠨ ᠴᠢᠳᠤᠷᠯᠡᠭᠡᠳ ᠲᠠᠯᠪᠢᠪᠠᠯ ᠴᠠᠶᠢᠳᠠᠮ ᠠᠴᠠ ᠪᠠᠨ ᠭᠠᠷᠳᠠᠭ ᠦᠭᠡᠢ ᠯᠡ‌‍ᠠ ᠶᠤᠮ ᠳ᠋ᠦ᠋ᠣᠴᠠᠭᠠᠨᠴᠠᠴᠡᠭ ᠤᠨ ᠬᠤᠶᠠᠷ ᠬᠡᠤᠦᠬᠡᠨ ᠴᠡᠭᠡᠵᠢᠨ  ᠠᠴᠠ ᠮᠢᠨᠢ ᠭᠠᠷᠳᠠᠭ ᠦᠭᠡᠢ ᠯᠡ ᠶᠤᠮ ᠳ᠋ᠤᠣ      ᠴᠢᠩᠭ᠎ᠠ ᠳᠤᠤᠭᠠᠷᠤᠭᠠᠳ ᠰᠡᠷᠡᠬᠦ ᠦᠭᠡᠢ ᠪᠣᠯᠪᠠᠯ ᠲᠦᠯᠡᠢ ᠴᠦ ᠯᠠ ᠪᠣᠯᠣᠯ᠎ᠠ ᠪᠠ ᠳ᠋ᠣᠣ      ᠴᠢᠩᠭᠠᠭᠠᠵᠤ ᠲᠠᠲᠠᠭᠠᠳ ᠰᠡᠷᠡᠬᠦ ᠦᠭᠡᠢ ᠪᠣᠯᠪᠠᠯ ᠳᠤᠷ᠎ᠠ ᠦᠭᠡᠢ ᠪᠣᠯᠣᠯ᠎ᠠ ᠪᠠ ᠳ᠋ᠤᠣᠤᠯᠠᠭᠠᠨ ᠤᠪᠣᠭᠠᠨ ᠤᠷᠲᠤ ᠰᠤᠭᠤ ᠪᠠᠷ ᠤᠰᠤ ᠲᠠᠢ ᠪᠤᠯᠠᠭ ᠲᠠᠢ ᠶᠤᠮ ᠡ ᠳ᠋ᠣᠣᠤᠯᠠᠭᠠᠨᠴᠠᠴᠡᠭ ᠤᠨ ᠬᠤᠶᠠᠷ ᠬᠡᠦᠬᠡᠨ ᠭᠠᠩᠭᠤᠨ ᠲᠠᠢ ᠯᠠ ᠭᠠᠯᠵᠠᠭᠤ ᠲᠠᠢ ᠶᠤᠮ ᠡ ᠳ᠋ᠦ᠋ᠣ      ᠴᠠᠭᠠᠨ ᠲᠣᠯᠣᠭᠠᠢ ᠶᠢᠨ ᠪᠠᠷᠠᠭᠤᠨ ᠰᠤᠭᠤ ᠪᠠᠷ ᠴᠠᠶᠢᠳᠠᠮ ᠲᠠᠢ ᠪᠤᠷᠭᠠᠰᠤ ᠲᠠᠢ ᠶᠤᠮ ᠡ ᠳ᠋ᠦ᠋ᠣ      ᠴᠠᠭᠠᠨᠴᠠᠴᠡᠭ ᠤᠨ ᠬᠤᠶᠠᠷ ᠬᠡᠤᠬᠡᠨ ᠭᠠᠩᠭᠤᠨ ᠲᠠᠢ ᠯᠠ ᠭᠠᠯᠵᠠᠭᠤ ᠲᠠᠢ ᠶᠤᠮ ᠡ ᠳ᠋ᠦ᠋ᠣᠦᠨᠳᠣᠷ ᠰᠠᠭᠠᠷᠠᠯ ᠮᠣᠷᠢ ᠪᠠᠨ ᠣᠨᠣᠪᠠᠯ ᠡᠳᠤᠷ  ᠲᠤ ᠪᠠᠨ ᠬᠦᠷᠳᠡᠭ ᠭᠡᠨ᠎ᠡ ᠳ᠋ᠤᠣᠦᠨᠡᠨ ᠦᠭᠡ ᠪᠠᠨ ᠬᠡᠯᠡᠭᠡᠳ ᠯᠡ ᠶᠠᠪᠤᠪᠠᠯ ᠰᠠᠨᠠᠭ᠎ᠠ ᠪᠠᠷ ᠢᠶᠠᠨ ᠪᠣᠯᠳᠠᠭ ᠶᠤᠮ ᠪᠠᠶᠢᠨ᠎ᠠ ᠳ᠋ᠤᠣ      ᠬᠤᠤᠩᠭᠤᠷ ᠮᠣᠷᠢᠨ ᠳᠤ ᠪᠠᠨ ᠡᠮᠡᠭᠡᠯ ᠢᠶᠠᠨ ᠲᠣᠬᠤᠭᠠᠳ ᠬᠤᠨᠢᠨ ᠳᠤ ᠪᠠᠨ ᠶᠠᠪᠤᠶ᠎ᠠ ᠳ᠋ᠣᠣ      ᠬᠤᠶᠠᠭᠤᠯᠠ ᠶᠢᠨ ᠰᠡᠳᠭᠢᠯ ᠨᠢᠭᠡ ᠯᠠ ᠪᠠᠶᠢᠪᠠᠯ ᠬᠤᠵᠢᠮ ᠳᠤ ᠪᠠᠨ ᠵᠤᠯᠭᠠᠶ᠎ᠠ ᠳ᠋ᠣᠣ᠃                                                                ︽  ᠲᠤᠩᠭᠠᠯᠠᠭ ᠭᠤᠣᠯ︾  ᠭᠡᠬᠦ  ᠨᠤᠮ ᠠᠴᠠ  ᠪᠠᠭᠤᠯᠭᠠᠪᠠ
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ