ᠠᠰᠢ ᠲᠣᠪᠣᠭ ᠤ ᠠᠷᠴᠠᠨ ᠪᠠᠯᠠᠷ ᠰᠠᠭᠤᠯᠲᠠᠢ ᠨᠤᠲᠤᠭ ᠰᠢᠤ | ᠠᠯᠠᠭᠰᠢᠭᠰᠠᠨ ᠠᠳᠤᠭᠤ ᠮᠠᠯ ᠪᠡᠯᠴᠢᠭᠡᠷ ᠳᠦᠭᠦᠷᠡᠩ ᠰᠢᠤ | ᠬᠠᠩᠬᠢᠨ ᠰᠡᠪᠭᠭᠡᠭᠦᠯ ᠵᠠᠩᠭᠤᠲᠤ ᠶᠠ ᠪᠣᠵᠠᠢ ᠭᠠᠯᠠᠭᠤᠲᠤ | ᠭᠠᠩᠭᠠᠨᠠᠬᠤ ᠭᠠᠯᠠᠭᠤ ᠰᠢᠪᠠᠭᠤ ᠨᠣᠷᠬᠢᠯᠠᠵᠤ ᠪᠠᠶᠢᠨ᠎ᠠ ᠰᠢᠤ ᠳ᠋ᠤᠣ | ᠬᠠᠩᠭᠢᠰ ᠭᠡᠬᠦ ᠯᠠ ᠵᠠᠩᠭᠤᠲᠤ ᠶᠢᠨ ᠣᠷᠣᠢ ᠪᠣᠵᠠᠢ ᠭᠠᠯᠠᠭᠤᠲᠤ | ᠬᠠᠮᠤᠭ ᠰᠢᠪᠠᠭᠤ ᠬᠠᠩᠬᠢᠷ ᠵᠢᠩᠭᠢᠷ ᠤᠭᠲᠠᠷᠭᠤᠢ ᠳᠤ ᠪᠠᠨ ᠰᠢᠤ | ᠠᠰᠢ ᠶᠢᠨ ᠬᠥᠳᠡᠭᠡ ᠠᠷᠴᠠᠨ ᠪᠠᠯᠠᠷ ᠠᠳᠤᠭᠤᠨ ᠤ ᠪᠡᠯᠴᠢᠭᠡᠷ ᠰᠢᠤ | ᠠᠷᠰᠠᠩ ᠰᠠᠷᠰᠠᠩ ᠰᠢᠪᠠᠭ ᠪᠤᠷᠭᠠᠰᠤ ᠮᠠᠨ ᠤ ᠯᠠ ᠨᠤᠲᠤᠭ ᠰᠢᠤ | ᠬᠠᠩᠬᠢᠨ ᠰᠡᠪᠬᠡᠭᠦᠯ ᠵᠠᠩᠭᠤᠲᠤ ᠶᠠ ᠪᠤᠵᠠᠢ ᠭᠠᠯᠠᠭᠤᠲᠤ | ᠬᠠᠩᠬᠢᠨᠠᠭᠰᠠᠨ ᠵᠡᠭᠦᠭᠡ ᠵᠢᠮᠰᠡᠭ ᠪᠡᠶ᠎ᠡ ᠶᠢᠨ ᠬᠠᠮᠲᠤ ᠰᠢᠤ | ᠵᠥᠷᠢᠭᠦᠦ ᠵᠡᠭᠡᠯᠢ ᠲᠠᠢ ᠮᠧᠩ ᠵᠧᠩ ᠬᠤᠢ ᠪᠠᠷ ᠳᠠᠭᠠᠷᠢᠭᠠᠳ ᠭᠠᠷᠤᠯ᠎ᠠ ᠳ᠋ᠤᠣ | ᠵᠥᠷᠢᠭᠦᠦ ᠪᠤᠷᠤᠭᠤ ᠬᠡᠳᠦᠨ ᠦᠭᠡ ᠪᠠᠨ ᠰᠣᠯᠢᠭᠠᠳ ᠭᠠᠷᠤᠯ᠎ᠠ ᠳ᠋ᠤᠣ | ᠦᠶᠡᠰ ᠦᠶᠡᠰ ᠰᠠᠮᠠᠭᠤᠷᠠᠭᠠᠳ ᠪᠠᠶᠢᠳᠠᠭ ᠦᠣᠰᠢᠨ ᠬᠤᠰᠢᠭᠤ ᠰᠢᠤ | ᠦᠶ᠎ᠡ ᠦᠶ᠎ᠡ ᠪᠠᠷ ᠤᠯᠠᠷᠢᠬᠤ ᠶᠢ ᠨᠢ ᠬᠦᠯᠢᠶᠡᠵᠡᠭᠡᠶᠡ ᠳ᠋ᠤᠣ | ᠴᠠᠭ ᠴᠠᠭ ᠰᠠᠮᠠᠭᠤᠷᠠᠭᠠᠳ ᠪᠠᠶᠢᠳᠠᠭ ᠵᠠᠰᠠᠭ ᠬᠤᠰᠢᠭᠤ ᠰᠢᠤ | ᠴᠠᠭ ᠴᠠᠭ ᠢᠶᠠᠷ ᠤᠯᠠᠷᠢᠬᠤ ᠶᠢ ᠨᠢ ᠬᠦᠯᠢᠶᠡᠵᠡᠭᠡᠶᠡ ᠳ᠋ᠤᠣ | ᠠᠶᠢᠯᠠᠳᠬᠠᠯ ᠬᠢᠭᠴᠢ ᠦᠯᠵᠡᠶᠢᠰᠦ᠋ᠮᠪᠥᠷ ᠠᠶᠤᠭᠰᠠᠨ ᠴᠤ ᠦᠭᠡᠢ ᠳ᠋ᠦ᠋ᠣ | ᠠᠷᠠᠳ ᠢ ᠵᠣᠪᠠᠭᠠᠳᠠᠭ ᠠᠯᠪᠠᠨ ᠬᠡᠷᠡᠭ ᠢ ᠪᠡᠶ᠎ᠡ ᠡᠷ ᠢᠶᠠᠨ ᠳᠤᠭᠤᠯᠤᠭᠰᠠᠨ ᠶᠤᠮ | ᠴᠢᠬᠢᠷ ᠬᠠᠯᠢᠷ ᠦᠯᠵᠡᠶᠢᠰᠦ᠋ᠮᠪᠥᠷ ᠵᠡᠭᠦᠨᠰᠢ ᠪᠠᠨ ᠭᠠᠷᠤᠯ᠎ᠠ ᠳᠤ | ᠵᠦᠷᠢᠭᠦᠦ ᠵᠡᠭᠡᠯᠢ ᠲᠠᠢ ᠮᠧᠩ ᠵᠧᠩ ᠬᠤᠢ ᠠᠴᠠ ᠭᠠᠷᠤᠭᠰᠠᠨ ᠴᠤ ᠦᠭᠡᠢ ᠳ᠋ᠤᠣ | ᠴᠢᠭᠤᠯᠭᠠᠨ ᠳ᠋ᠠ ᠶᠢᠨ ᠶᠠᠮᠤᠨ ᠳᠡᠭᠡᠷ᠎ᠡ ᠬᠦᠷᠦᠭᠡᠳ ᠣᠴᠢᠬᠤᠯ᠎ᠠ | ᠴᠤᠭᠯᠠᠷᠠᠭᠰᠠᠨ ᠱᠠᠭᠠᠵᠠᠭᠠᠢ ᠮᠡᠳᠦ ᠰᠢᠬᠤᠷᠤᠯᠳᠤᠭᠠᠳ ᠤ ᠯᠠ ᠪᠠᠶᠢᠨ᠎ᠠ ᠯᠠᠢ ᠳᠤ | ᠡᠭᠦᠷᠭᠡ ᠪᠠᠨ ᠡᠭᠦᠷᠦᠭᠡᠳ ᠸᠧᠶᠢᠶᠤᠸᠠᠨ ᠬᠤᠢ ᠳᠤ ᠪᠠᠨ ᠬᠦᠷᠦᠭᠡᠳ ᠣᠴᠢᠬᠤᠯ᠎ᠠ | ᠡᠭᠦᠷᠬᠡᠢ ᠳᠤ ᠪᠠᠨ ᠴᠤᠭᠯᠠᠷᠠᠭᠰᠠᠨ ᠱᠠᠭᠠᠵᠠᠭᠠᠢ ᠮᠡᠳᠣ ᠰᠢᠬᠤᠷᠤᠯᠳᠤᠭᠠᠳ ᠪᠠᠶᠢᠨ᠎ᠠ ᠯᠠᠢ | ᠠᠷᠪᠠᠨ ᠰᠤᠮᠤ ᠲᠠᠢ ᠦᠶᠣᠸᠠᠨ ᠫᠤᠤ ᠪᠠᠨ ᠡᠭᠦᠷᠦᠭᠡᠳ ᠮᠣᠷᠲᠠᠶᠠ ᠳ᠋ᠤᠣ | ᠠᠳᠠᠭ ᠮᠠᠭᠤ ᠰᠠᠶᠢᠯᠠᠷ ᠳ᠋ᠤᠯᠢ ᠶᠢᠨ ᠠᠮᠢᠨ ᠭᠤᠣᠯ ᠳᠤ ᠨᠢ ᠲᠤᠰᠬᠠᠶᠠ ᠳ᠋ᠤ᠋ᠣ | ᠲᠠᠪᠤᠨ ᠰᠤᠮᠤ ᠲᠠᠢ ᠦᠶᠣᠸᠠᠨ ᠫᠤᠤ ᠪᠠᠨ ᠡᠭᠦᠷᠦᠭᠡᠳ ᠮᠣᠷᠲᠠᠶᠠ ᠳ᠋ᠣᠣ | ᠲᠠᠮᠢᠷ ᠮᠠᠭᠤᠲᠤ ᠰᠠᠶᠢᠯᠠᠷ ᠳ᠋ᠤᠯᠢ ᠶᠢᠨ ᠲᠠᠷᠢᠬᠢᠨ ᠳᠤ ᠨᠢ ᠲᠤᠰᠬᠠᠶᠠ ᠳ᠋ᠤᠤ᠃ | | | | | ︽ ᠲᠤᠩᠭᠠᠯᠠᠭ ᠭᠤᠣᠯ︾ ᠭᠡᠬᠦ ᠨᠤᠮ ᠠᠴᠠ ᠪᠠᠭᠤᠯᠭᠠᠪᠠ |