ᠲᠠᠯ᠎ᠠ ᠶᠤ᠋ ᠯᠠ ᠳᠤᠮᠳᠠ ᠨᠢ ᠶᠠᠪᠤᠬᠤᠢ ᠳᠤ | ᠲᠠᠯ᠎ᠠ ᠶᠢᠨ ᠴᠢᠨᠢ ᠲᠠᠪᠤᠨ ᠬᠦᠷᠦᠭᠡᠰᠦ | ᠲᠠᠨᠢᠯᠴᠠᠵᠤ ᠮᠡᠳᠡᠯᠴᠠᠵᠤ ᠶᠠᠪᠤᠬᠤᠢ ᠳᠤ | ᠲᠠᠩᠨᠠᠢ ᠶᠢᠨ ᠴᠢᠨᠢ ᠬᠤᠶᠠᠷ ᠰᠤᠳᠠᠰᠤ | ᠠᠭᠤᠯᠠ ᠶᠤ᠋ ᠯᠠ ᠳᠤᠮᠳᠠ ᠨᠢ ᠶᠠᠪᠤᠬᠤᠢ ᠳᠤ | ᠠᠭᠤᠯᠠ ᠶᠢᠨ ᠴᠢᠨᠢ ᠬᠤᠶᠠᠷ ᠬᠦᠷᠦᠭᠡᠰᠦ | ᠤᠴᠠᠷᠠᠵᠤ ᠲᠠᠨᠢᠯᠴᠠᠵᠤ ᠶᠠᠪᠤᠬᠤᠢ ᠳᠤ | ᠤᠷᠤᠭᠤᠯ ᠤᠨ ᠴᠢᠨᠢ ᠬᠤᠶᠠᠷ ᠰᠤᠳᠠᠰᠤ | ᠮᠠᠩᠬ᠎ᠠ ᠶᠤ᠋ ᠯᠡ ᠳᠤᠮᠳᠠ ᠨᠢ ᠶᠠᠪᠤᠬᠤᠢ ᠳᠤ | ᠮᠠᠩᠬᠠᠨ ᠤ ᠴᠢᠨᠢ ᠬᠤᠶᠠᠷ ᠬᠦᠷᠦᠭᠡᠰᠦ | ᠮᠡᠳᠡᠯᠴᠠᠵᠤ ᠲᠠᠨᠢᠯᠴᠠᠵᠤ ᠶᠠᠪᠤᠬᠤᠢ ᠳᠤ | ᠮᠠᠩᠨᠠᠢ ᠶᠢᠨ ᠴᠢᠨᠢ ᠬᠤᠶᠠᠷ ᠰᠤᠳᠠᠰᠤ | ᠰᠢᠯᠢ ᠶᠦ ᠯᠠ ᠳᠤᠮᠳᠠ ᠨᠢ ᠶᠠᠪᠤᠬᠤᠢ ᠳᠤ | ᠰᠢᠯᠢ ᠶᠢᠨ ᠴᠢᠨᠢ ᠬᠤᠶᠠᠷ ᠬᠦᠷᠦᠭᠡᠰᠦ | ᠰᠢᠨᠵᠢᠵᠦ ᠲᠠᠨᠢᠯᠴᠠᠵᠤ ᠶᠠᠪᠤᠬᠤᠢ ᠳᠤ | ᠰᠢᠯᠢᠨ ᠤ ᠴᠢᠨᠢ ᠬᠤᠶᠠᠷ ᠰᠤᠳᠠᠰᠤ | ᠬᠠᠳᠠᠨ ᠤ ᠪᠠᠨ ᠳᠤᠮᠳᠠ ᠨᠢ ᠶᠠᠪᠤᠬᠤᠢ ᠳᠤ | ᠬᠠᠳᠠᠨ ᠤ ᠴᠢᠨᠢ ᠬᠤᠶᠠᠷ ᠬᠦᠷᠣᠭᠡᠰᠦ | ᠬᠠᠨᠢᠯᠠᠵᠤ ᠮᠡᠳᠡᠯᠴᠠᠵᠤ ᠶᠠᠪᠤᠬᠤᠢ ᠳᠤ | ᠬᠠᠮᠠᠷ ᠤᠨ ᠴᠢᠨᠢ ᠬᠤᠶᠠᠷ ᠰᠤᠲᠠᠰᠤ | ᠤᠰᠤᠨ ᠤ ᠪᠠᠨ ᠳᠤᠮᠳᠠ ᠨᠢ ᠶᠠᠪᠤᠬᠤᠢ ᠳᠤ | ᠤᠰᠤᠨ ᠤ ᠴᠢᠨᠢ ᠬᠤᠶᠠᠷ ᠬᠦᠷᠦᠭᠡᠰᠦ | ᠤᠴᠠᠷᠠᠵᠤ ᠲᠠᠨᠢᠯᠴᠠᠵᠤ ᠶᠠᠪᠤᠬᠤᠢ ᠳᠤ | ᠠᠭᠤᠰᠬᠢ ᠶᠢᠨ ᠴᠢᠨᠢ ᠬᠤᠶᠠᠷ ᠰᠤᠳᠠᠰᠤ᠃ | | | | ︽ ᠲᠤᠩᠭᠠᠯᠠᠭ ᠭᠤᠣᠯ︾ ᠭᠡᠬᠦ ᠨᠤᠮ ᠠᠴᠠ ᠪᠠᠭᠤᠯᠭᠠᠪᠠ | |