ᠲᠦᠰᠢᠲᠤ ᠮᠤᠨᠢ
ᠨᠡᠶᠢᠲᠡᠯᠡᠭᠰᠡᠨ ᠴᠠᠭ᠄
2024/12/16
ᠴᠠᠰᠤᠲᠤ ᠴᠠᠭᠠᠨ ᠠᠭᠤᠯᠠ ᠶᠢᠨ ᠴᠠᠭᠠᠨ ᠠᠷᠰᠯᠠᠨ   ᠴᠠᠮ ᠤᠨ ᠢᠶᠠᠨ ᠬᠦᠷᠢᠶᠡᠨ ᠳᠤ ᠪᠠᠨ ᠵᠢᠭᠳᠡᠷᠡᠭᠰᠡᠨ      ᠴᠠᠮᠷᠠᠨ ᠳᠤ ᠪᠠᠨ ᠰᠠᠭᠠᠳᠠᠭᠰᠠᠨ ᠣᠯᠠᠨ ᠮᠥᠷᠭᠦᠯᠴᠢᠳ         ᠴᠠᠭᠯᠠᠰᠢ ᠯᠠ ᠦᠭᠡᠢ ᠶᠡᠭᠡ ᠪᠠᠶᠠᠷ ᠰᠢᠤᠲᠦᠰᠢᠲᠦ ᠮᠤᠨᠢ ᠶᠢᠨ ᠡᠩᠬᠡᠷ ᠲᠤ   ᠳᠥᠷᠪᠡᠯᠵᠢᠨ ᠪᠠᠶᠢᠭᠤᠯᠤᠭᠰᠠᠨ ᠮᠡᠷᠭᠡᠨ ᠵᠣᠣ      ᠲᠦᠮᠡᠨ ᠤ ᠰᠢᠲᠦᠭᠡᠨ ᠡᠵᠡᠨ ᠪᠣᠭᠲᠠ         ᠲᠥᠭᠡᠮᠡᠯ ᠬᠤᠷᠴᠠ ᠨᠠᠷᠠ ᠮᠡᠳᠣ ᠰᠢᠤᠬᠥᠬᠡ ᠶᠦ ᠯᠡ ᠮᠤᠨᠢ ᠶᠢᠨ ᠠᠷᠤ  ᠳᠤ   ᠬᠥᠭᠡᠷᠡᠨ ᠨᠤᠭᠤᠭᠠᠷᠠᠭᠰᠠᠨ ᠮᠡᠷᠭᠡᠨ ᠵᠣᠣ      ᠬᠥᠬᠡ ᠮᠤᠩᠭᠤᠯ ᠤᠨ ᠲᠠᠶᠢᠴᠢᠨ ᠦᠷᠡᠰ         ᠬᠥᠭᠡᠷᠦᠯᠳᠦᠨ ᠲᠣᠭᠯᠠᠵᠤ ᠯᠠ ᠦᠰᠤᠷᠦᠨ᠎ᠡᠠᠯᠲᠠᠨ ᠰᠦᠮᠪᠥᠷ ᠠᠭᠤᠯᠠ ᠨᠢ   ᠠᠯᠤᠰ ᠤᠨ ᠭᠠᠵᠠᠷ ᠠᠴᠠ ᠬᠠᠷᠠᠭᠳᠠᠨ᠎ᠠ      ᠠᠯᠲᠠ ᠮᠦᠩᠭᠦᠨ ᠤ ᠭᠠᠷᠤᠯᠲᠠ         ᠲᠡᠭᠦᠨ ᠠᠴᠠ ᠦᠨᠳᠣᠷ ᠴᠠᠯᠬᠢᠯᠠᠨ᠎ᠠᠡᠷᠲᠡ ᠳᠡᠭᠡᠳᠦᠰ ᠤᠨ ᠲᠦᠰᠢᠲᠣ‌‍ᠦ ᠮᠤᠨᠢ ᠳᠤ   ᠡᠯᠳᠡᠪ ᠶᠠᠩᠵᠤ ᠶᠢᠨ ᠤᠷᠭᠤᠮᠠᠯ ᠵᠢᠮᠢᠰ ᠲᠠᠢ      ᠡᠬᠡ ᠳᠡᠯᠡᠬᠡᠢ  ᠳᠤ ᠣᠷᠣᠰᠢᠨ ᠠᠮᠢᠳᠤᠷᠠᠭᠴᠢ ᠶᠢᠨ         ᠡᠷᠬᠢᠮ ᠵᠢᠷᠭᠠᠯ ᠤᠨ ᠮᠠᠩᠯᠠᠢ ᠣᠷᠣᠨ ᠰᠢᠤᠤᠯᠠᠨ ᠴᠠᠮ ᠭᠠᠷᠤᠨ᠎ᠠ ᠭᠡᠭᠴᠢ ᠨᠢ   ᠰᠦᠮ᠎ᠡ ᠶᠤ᠋ ᠵᠣᠣ ᠶᠢᠨ ᠮᠠᠨᠳᠤᠯᠠᠭ᠎ᠠ ᠯᠠ ᠶᠤᠮ ᠡ ᠳᠤ      ᠤᠯᠠᠨ ᠲᠦᠮᠡᠨ ᠴᠤᠭᠯᠠᠷᠠᠭ᠎ᠠ ᠭᠡᠭᠴᠢ ᠨᠢ         ᠨᠠᠶᠢᠷ ᠶᠤ᠋ ᠯᠠ ᠬᠥᠭᠵᠢᠮ ᠤᠨ ᠮᠠᠨᠳᠤᠯᠠᠭ᠎ᠠ ᠯᠡ ᠶᠤᠮ ᠡ ᠳ᠋ᠤᠣᠠᠵᠢᠷᠭ᠎ᠠ ᠶᠤ᠋ ᠯᠠ ᠣᠷᠣᠯᠳᠤᠨ᠎ᠠ ᠭᠡᠭᠴᠢ ᠨᠢ   ᠣᠪᠣᠭ᠎ᠠ ᠣᠷᠣᠳ ᠤ  ᠤᠨ ᠮᠡᠨᠳᠤᠯᠠᠭ᠎ᠠ ᠶᠤᠮ ᠡ ᠳ᠋ᠤᠣ      ᠪᠥᠬᠡ ᠶᠦ ᠯᠠ ᠪᠠᠷᠢᠯᠳᠤᠨ᠎ᠠ ᠭᠡᠭᠴᠢ ᠨᠢ         ᠭᠡᠶᠢᠮᠦᠷᠢ ᠯᠤᠩᠳᠠ ᠶᠢᠨ ᠮᠠᠨᠳᠤᠯᠠᠭ᠎ᠠ ᠶᠤᠮ ᠡ ᠳ᠋ᠤᠣᠰᠠᠶᠢᠨ ᠴᠤ ᠮᠣᠷᠢ ᠪᠠᠨ ᠤᠨᠤᠵᠠᠭᠠᠶ᠎ᠠ   ᠰᠠᠶᠢᠨ ᠴᠦ ᠬᠤᠪᠴᠠᠰᠤ ᠪᠠᠨ ᠡᠮᠦᠰᠤᠶ᠎ᠠ      ᠰᠠᠭᠠᠳ ᠳᠤ ᠪᠠᠷᠴᠢᠳ ᠢᠶᠠᠨ ᠭᠠᠷᠭᠠᠶ᠎ᠠ ᠭᠦᠨ         ᠰᠠᠨᠢᠳ ᠤᠨ ᠳᠤᠭᠠᠠᠩ ᠳᠤ ᠵᠠᠯᠪᠠᠷᠢᠵᠠᠭᠠᠶ᠎ᠠ ᠳ᠋ᠤᠣᠲᠣᠷᠤᠭ ᠶᠤ᠋ ᠯᠠ ᠮᠣᠷᠢ ᠪᠠᠨ ᠣᠨᠤᠵᠠᠭᠠᠶ᠎ᠠ   ᠲᠣᠷᠭᠠᠨ ᠲᠠᠪᠠᠯ ᠵᠶ᠋ᠡ᠊ ᠡᠮᠦᠰᠴᠡᠭᠡᠶ᠎ᠡ      ᠳᠣᠲᠣᠭᠠᠲᠤ ᠳᠤ ᠪᠠᠷᠴᠢᠳ ᠢᠶᠠᠨ ᠭᠠᠷᠭᠠᠶ᠎ᠠ ᠭᠦᠨ         ᠲᠣᠭᠰᠢᠳ ᠤᠨ ᠰᠦᠮ᠎ᠡ ᠳᠤ ᠮᠦᠷᠭᠦᠵᠡᠭᠡᠶ᠎ᠡ ᠳ᠋ᠣᠣᠭᠦᠨᠳᠦᠲᠤ ᠰᠠᠷᠬᠤᠳ ᠢᠶᠠᠨ ᠪᠠᠷᠢᠮᠠᠨᠵᠢᠨ   ᠬᠥᠭᠵᠢᠮᠲᠤ ᠳᠠᠭᠤᠤ ᠪᠠᠨ ᠳᠠᠭᠤᠯᠠᠭᠰᠠᠨ ᠶᠤᠮ ᠡ ᠳ᠋ᠤᠣ      ᠬᠥᠯᠥᠭ ᠳᠤ ᠮᠣᠷᠢ ᠶᠤᠭᠠᠨ ᠤᠨᠣᠮᠨᠵᠢᠨ         ᠬᠥᠭᠵᠢᠨ ᠠᠮᠤᠷ ᠵᠢᠷᠭᠠᠶ᠎ᠠ ᠳ᠋ᠤᠤ‌‍ᠣ᠃                          ︽  ᠲᠤᠩᠭᠠᠯᠠᠭ ᠭᠤᠣᠯ︾  ᠭᠡᠬᠦ  ᠨᠤᠮ ᠠᠴᠠ  ᠪᠠᠭᠤᠯᠭᠠᠪᠠ
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ