ᠮᠣᠩᠭᠤᠯ ᠦᠨᠳᠦᠰᠣᠳᠠᠨ ᠤ ᠤᠯᠠᠮᠵᠢᠯᠠᠯᠲᠤ ᠨᠠᠭᠠᠳᠤᠮ ᠲᠣᠭᠯᠠᠭᠠᠮ ︵ᠠᠷᠪᠠ︶  ᠭᠡᠷ ᠣᠷᠣᠨ ᠪᠠᠷᠢᠵᠤ ᠨᠠᠭᠠᠳᠬᠤ ᠨᠠᠭᠠᠳᠤᠮ ᠤᠨ ᠤᠴᠢᠷ
ᠨᠡᠶᠢᠲᠡᠯᠡᠭᠰᠡᠨ ᠴᠠᠭ᠄
2024/12/16
    ᠨᠠᠭᠠᠳᠤᠮ ᠲᠣᠭᠯᠠᠭᠠᠮ ᠪᠣᠯᠭᠠᠨ ᠨᠢ ᠲᠣᠭᠳᠠᠭᠰᠠᠨ ᠨᠠᠭᠠᠳᠬᠤ ᠠᠷᠭ᠎ᠠ ᠬᠡᠯᠪᠡᠷᠢ ᠪᠠ ᠲᠦᠷᠢᠮ ᠲᠣᠭᠳᠠᠭᠠᠯ ᠲᠠᠢ ᠪᠠᠶᠢᠵᠤ᠂ ᠰᠤᠷᠭᠠᠨ ᠬᠦᠮᠤᠵᠢᠭᠦᠯᠬᠦ ᠵᠣᠷᠢᠯᠲᠠ ᠬᠠᠷᠠᠯᠲᠠ ᠨᠢ ᠴᠤ ᠠᠳᠠᠯᠢ ᠪᠣᠰᠤ ᠪᠠᠶᠢᠳᠠᠭ᠃ ᠭᠡᠷ ᠣᠷᠣᠨ ᠪᠠᠷᠢᠵᠤ ᠨᠠᠭᠠᠳᠬᠤ ᠨᠠᠭᠠᠳᠤᠮ ᠳᠤ ᠮᠤᠩᠭᠤᠯ ᠣᠷᠣᠨ᠂ ᠮᠣᠩᠭᠤᠯ ᠦᠨᠳᠤᠰᠣᠲᠠᠨ ᠤ ᠦᠪᠡᠷᠮᠢᠴᠠ ᠠᠮᠢᠳᠤᠷᠠᠯ ᠠᠬᠤᠢ᠂ ᠵᠠᠩ ᠲᠠᠳᠬᠠᠯ᠂ ᠦᠵᠡᠯ ᠰᠡᠳᠭᠢᠭᠦᠢ ᠪᠠ ᠰᠣᠶᠣᠯ ᠪᠣᠯᠪᠡᠰᠤᠨ ᠤ ᠣᠨᠴᠠᠯᠢᠭ ᠰᠢᠨᠵᠢ ᠬᠦᠨᠵᠡᠭᠡᠢ ᠰᠢᠩᠭᠡᠵᠦ ᠪᠠᠶᠢᠭ᠎ᠠ ᠶᠤᠮ᠃ ᠮᠤᠩᠭᠤᠯᠴᠣᠳ ᠡᠷᠲᠡ ᠤᠵᠠᠭᠤᠷ ᠠᠴᠠ ᠠᠪᠤᠭᠠᠳ ᠬᠡᠤᠬᠡᠳ ᠢᠶᠠᠨ ᠰᠤᠷᠭᠠᠨ ᠬᠦᠮᠵᠢᠭᠦᠯᠬᠦ ᠶᠢ ᠣᠨᠴᠠᠯᠠᠨ ᠠᠩᠬᠠᠷᠴᠤ ᠬᠠᠷᠠᠬᠠᠨ ᠪᠠᠭ᠎ᠠ ᠠᠴᠠ ᠪᠠᠨ ᠠᠵᠢᠯ ᠠᠮᠢᠳᠤᠷᠠᠯ ᠤᠨ ᠠᠯᠢᠪᠠ ᠣᠶᠢᠯᠠ ᠳᠤ ᠰᠤᠷᠭᠠᠨ ᠲᠠᠳᠮᠠᠭᠠᠶᠢᠷᠠᠭᠤᠯᠤᠨ ᠠᠮᠢᠳᠤᠷᠠᠯ ᠢ ᠨᠠᠭᠠᠳᠤᠮ ᠳᠤ ᠠᠭᠤᠰᠬᠠᠨ ᠡᠷᠲᠡ ᠨᠢᠭᠡᠨ ᠡᠳᠤᠷ ︽ᠭᠠᠷ ᠢ ᠨᠢ ᠭᠠᠨᠵᠤᠭᠠᠨ ᠳᠤ᠂ ᠬᠥᠯ ᠢ ᠨᠢ ᠲᠥᠷᠥᠭᠡᠨ ᠳᠤ︾ ᠬᠦᠷᠭᠡᠬᠦ ᠶᠢ ᠵᠣᠷᠢᠳᠠᠭ᠃ ᠡᠨᠡ ᠬᠦ ᠭᠡᠷ ᠣᠷᠣᠨ ᠪᠠᠷᠢᠵᠤ ᠨᠠᠭᠠᠳᠬᠤ ᠨᠠᠭᠠᠳᠤᠮ ᠪᠣᠯ ᠮᠥᠨᠴᠤ ᠬᠡᠬᠡᠳ ᠪᠠᠭᠠᠴᠤᠳ ᠢ ᠬᠠᠷᠠᠬᠠᠨ ᠪᠠᠭ᠎ᠠ ᠠᠴᠠ ᠨᠢ ᠠᠵᠤ ᠲᠦᠷᠤᠨ ᠠᠮᠢᠤᠷᠠᠬᠤ᠂ ᠬᠠᠮᠳᠤᠷᠠᠯᠴᠠᠨ ᠬᠤᠷᠰᠢᠯᠴᠠᠬᠤ ᠠᠮᠢᠳᠤᠷᠠᠯ ᠤᠨ ᠤᠬᠠᠭᠠᠨ ᠢ   ᠰᠢᠩᠭᠡᠭᠰᠡᠨ ᠰᠤᠷᠭᠠᠨ ᠬᠦᠮᠦᠵᠢᠭᠦᠯᠬᠦ ᠵᠣᠷᠢᠯᠲᠠ ᠪᠦᠬᠦᠢ ᠨᠠᠭᠠᠳᠤᠮ ᠶᠤᠮ᠃                                                            ︽ᠨᠤᠲᠤᠭ ᠤᠬᠠᠭᠠᠨ︾ ᠭᠡᠭᠦ  ᠨᠤᠮ ᠠᠴᠠ ᠪᠠᠭᠤᠯᠭᠠᠪᠠ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ