ᠮᠣᠩᠭᠤᠯ ᠦᠨᠳᠦᠰᠣᠳᠠᠨ ᠤ ᠤᠯᠠᠮᠵᠢᠯᠠᠯᠲᠤ ᠨᠠᠭᠠᠳᠤᠮ ᠲᠣᠭᠯᠠᠭᠠᠮ  ︵  ᠶᠢᠰᠦ ︶  ᠭᠡᠷ ᠣᠷᠣᠨ ᠪᠠᠷᠢᠵᠤ ᠨᠠᠭᠠᠳᠬᠤ ᠨᠠᠭᠠᠳᠤᠮ
ᠨᠡᠶᠢᠲᠡᠯᠡᠭᠰᠡᠨ ᠴᠠᠭ᠄
2024/12/15
      ᠭᠡᠷ ᠣᠷᠣᠨ ᠪᠠᠷᠢᠵᠤ ᠨᠠᠭᠠᠳᠬᠤ ᠨᠠᠭᠠᠳᠤᠮ ᠪᠣᠯ ᠬᠡᠣᠬᠡᠳ  ᠤᠳ ᠡᠬᠡ ᠪᠠᠶᠢᠭᠠᠯᠢ ᠠᠴᠠ ᠰᠣᠶᠣᠷᠬᠠᠭᠰᠠᠨ ᠬᠠᠳᠠ ᠴᠢᠯᠠᠭᠤ᠂ ᠨᠣᠶᠢᠳᠠᠨ ᠮᠠᠩᠬ᠎ᠠ᠂ ᠬᠠᠭᠤᠷᠠᠢ ᠰᠢᠷᠤᠢ᠂ ᠡᠷᠬᠢ᠂ ᠮᠣᠳᠣ ᠰᠢᠪᠠᠭ᠂ ᠬᠤᠷᠭᠤᠯ᠂ ᠬᠤᠮᠣᠯ᠂ ᠠᠶᠠᠭ᠎ᠠ ᠱᠠᠭᠠᠵᠠᠩ ᠤᠨ ᠬᠡᠯᠲᠡᠷᠭᠡᠢ ᠵᠡᠷᠭᠡ ᠶᠢ ᠵᠡᠷᠭᠡᠯᠡᠨ‌ᠠᠶᠢᠯ ᠬᠤᠲᠠ ᠶᠢ ᠵᠣᠬᠢᠬᠤ ᠵᠠᠶᠢᠲᠠᠢ ᠰᠠᠭᠤᠷᠢᠰᠢᠭᠤᠯᠵᠤ᠂ ᠭᠡᠷ ᠣᠷᠣᠨ᠂ ᠬᠦᠷᠢᠶ᠎ᠡ ᠬᠠᠰᠢᠶ᠎ᠡ᠂ ᠬᠤᠳᠳᠤᠭ ᠤᠰᠤ᠂ ᠤᠢ ᠮᠣᠳᠣ᠂ ᠮᠠᠯ ᠰᠥᠷᠦᠭ᠂ ᠵᠠᠮ ᠰᠣᠭᠤᠮ ᠭᠡᠬᠦ ᠤᠯᠠᠨ ᠶᠠᠭᠤᠮ᠎ᠠ ᠶᠢ ᠰᠠᠨᠠᠭ᠎ᠠ ᠪᠠᠷ ᠢᠶᠠᠨ ᠲᠦᠰᠣᠭᠡᠯᠡᠨ ᠴᠢᠯᠤᠭᠡᠲᠡᠢ ᠪᠠᠶᠢᠷᠢᠯᠠᠭᠤᠯᠵᠤ ᠵᠠᠰᠠᠭᠠᠳ ᠠᠶᠢᠯ  ᠭᠡᠷ ᠪᠣᠯᠵᠤ ᠠᠮᠤᠷ ᠮᠠᠨᠳᠤ ᠠᠰᠠᠭᠤᠯᠴᠠᠬᠤ᠂ ᠮᠥᠷᠭᠦᠵᠦ ᠡᠷᠭᠢᠬᠦ᠂ ᠬᠠᠷᠢᠯᠴᠠᠨ ᠠᠶᠢᠯᠴᠢᠯᠠᠵᠤ ᠬᠡᠶᠢᠴᠢᠨ ᠵᠣᠴᠢᠯᠠᠬᠤ᠂ ᠴᠠᠢ ᠤᠤᠭᠤᠬᠤ᠂ ᠪᠣᠭᠤᠷᠰᠤᠭ ᠫᠢᠯᠠᠯᠬᠤ᠂ ᠵᠣᠴᠢᠨ ᠮᠣᠷᠳᠠᠭᠤᠯᠬᠤ ᠵᠡᠷᠭᠡ ᠪᠡᠯᠭᠡ ᠳᠠᠮᠪᠠᠷᠢᠯ ᠲᠠᠢ ᠠᠭᠤᠯᠭ᠎ᠠ ᠪᠥᠬᠦᠢ ᠮᠣᠩᠭᠤᠯ ᠠᠮᠢᠳᠤᠷᠠᠯ ᠤᠨ ᠵᠠᠩ ᠠᠭᠠᠯᠢ ᠶᠢ ᠲᠣᠭᠯᠠᠭᠠᠮ ᠤᠨ ᠳᠤᠮᠳᠠ ᠠᠴᠠ ᠠᠶᠠᠨᠳᠠᠭᠠᠨ ᠰᠤᠷᠳᠠᠭ ᠨᠠᠭᠠᠳᠤᠮ ᠪᠣᠯᠣᠨ᠎ᠠ᠃                                      ︽ᠨᠤᠲᠤᠭ ᠤᠬᠠᠭᠠᠨ︾ ᠭᠡᠭᠦ  ᠨᠤᠮ ᠠᠴᠠ ᠪᠠᠭᠤᠯᠭᠠᠪᠠ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ