ᠮᠣᠩᠭᠤᠯ ᠦᠨᠳᠦᠰᠣᠳᠠᠨ ᠤ ᠤᠯᠠᠮᠵᠢᠯᠠᠯᠲᠤ ᠨᠠᠭᠠᠳᠤᠮ ᠲᠣᠭᠯᠠᠭᠠᠮ  ︵ᠨᠠᠢᠮᠠ︶    ᠪᠥᠭᠯᠡᠭᠡ ᠦᠰᠦᠷᠦᠭᠦᠯᠬᠦ ᠨᠠᠭᠠᠳᠤᠮ
ᠨᠡᠶᠢᠲᠡᠯᠡᠭᠰᠡᠨ ᠴᠠᠭ᠄
2024/12/14
      ᠪᠥᠭᠯᠡᠭᠡ ᠦᠰᠦᠷᠦᠭᠦᠯᠬᠦ ᠨᠠᠭᠠᠳᠤᠮ ᠪᠣᠯ  ᠮᠠᠩᠬᠠᠨ ᠬᠠᠵᠠᠭᠤ ᠶᠢᠨ ᠨᠣᠶᠢᠲᠠᠨ‌‍ᠰᠢᠷᠣᠢ ᠶᠢ ᠠᠰᠢᠭᠯᠠᠵᠤ ᠨᠦᠭᠡ ᠮᠠᠯᠲᠠᠨ ᠬᠤᠷᠭᠤᠯ ᠦᠰᠤᠷᠤᠭᠦᠯᠵᠤ ᠨᠠᠭᠠᠳᠬᠤ ᠨᠠᠭᠠᠳᠤᠮ ᠪᠣᠯᠣᠨ᠎ᠠ᠃     ᠨᠠᠭᠠᠳᠬᠤ ᠠᠷᠭ᠎ᠠ᠄    ● ᠮᠠᠩᠬᠠᠨ ᠤ ᠬᠠᠵᠠᠭᠤ ᠶᠢᠨ ᠨᠣᠶᠢᠲᠠᠨ ᠡᠯᠡᠰᠤ ᠶᠢ ᠵᠢᠰᠢᠭᠦᠦ ᠨᠦᠭᠡᠯᠡᠨ ᠮᠠᠯᠲᠠᠨ᠎ᠠ᠃    ● ᠨᠦᠭᠡᠨ ᠤ ᠮᠤᠬᠤᠷ ᠤᠨ ᠬᠡᠰᠢᠭ ᠲᠤ ᠮᠣᠳᠣᠨ ᠰᠠᠪᠠᠭ᠎ᠠ  ᠪᠠᠷ ᠳᠡᠭᠡᠭᠰᠢ ᠬᠠᠷᠠᠭᠰᠠᠨ ᠨᠠᠷᠢᠨ ᠰᠦᠪᠡ ᠴᠣᠭᠤᠯᠤᠨ᠎ᠠ᠃    ● ᠨᠠᠷᠢᠨ ᠰᠦᠪᠡ ᠳᠡᠭᠡᠷ᠎ᠡ ᠨᠢ ᠬᠤᠷᠭᠤᠯ ᠢ ᠬᠡᠢ ᠭᠠᠷᠭᠠᠬᠤ ᠦᠭᠡᠢ ᠰᠠᠭᠤᠯᠭᠠᠨ᠎ᠠ᠃    ● ᠮᠠᠯᠳᠠᠭᠰᠠᠨ ᠨᠦᠭᠡᠨ ᠤ ᠠᠮᠠᠰᠠᠷ ᠢ ᠨᠣᠶᠢᠲᠠᠨ ᠰᠢᠷᠣᠢ ᠪᠠᠷ ᠪᠥᠭᠯᠡᠨ᠎ᠡ᠃    ● ᠮᠠᠯᠲᠠᠭᠰᠠᠨ ᠨᠦᠭᠡᠨ ᠤ ᠪᠠᠨ ᠬᠦᠨᠲᠡᠢ ᠶᠢᠨ ᠴᠢᠭᠯᠡᠯ ᠳᠠᠭᠠᠤ ᠬᠦᠴᠦᠲᠡᠢ ᠨᠢᠳᠦᠷᠭᠠᠲᠡᠨ᠎ᠡ᠃    ● ᠨᠦᠭᠡᠨ ᠳᠠᠬᠢ ᠬᠡᠢ ᠶᠢᠨ ᠰᠢᠬᠠᠯᠲᠠ ᠠᠴᠠ ᠪᠣᠯᠵᠤ ᠬᠤᠷᠭᠤᠯ ᠬᠤᠯᠠ ᠦᠰᠦᠷᠳᠡᠭ᠃ ᠡᠶᠢᠨ ᠬᠦ ᠬᠡᠣᠬᠡᠳ ‍ᠤᠳ‌ᠬᠤᠭᠤᠷᠤᠨᠳᠤ ᠪᠠᠨ ᠠᠯᠢ ᠨᠢ ᠬᠤᠯᠠ ᠦᠰᠤᠷᠤᠭᠦᠯᠬᠦ ᠪᠠᠨ‌ᠮᠥ᠋ᠷᠥᠶᠢᠴᠡᠨ ᠨᠠᠭᠠᠳᠳᠠᠭ᠃                              ︽ᠨᠤᠲᠤᠭ ᠤᠬᠠᠭᠠᠨ︾ ᠭᠡᠭᠦ  ᠨᠤᠮ ᠠᠴᠠ ᠪᠠᠭᠤᠯᠭᠠᠪᠠ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ