ᠠᠯᠴᠢᠭᠤᠷ ᠬᠠᠶᠠᠬᠤ ᠨᠠᠭᠠᠳᠤᠮ ᠭᠡᠳᠡᠭ ᠪᠣᠯ ᠬᠡᠤᠬᠡᠳ ᠤᠳ ᠠᠯᠢ ᠨᠢᠭᠡᠨ ᠤ ᠪᠠᠨ ᠠᠷᠤ ᠳᠤ ᠵᠠᠩᠬᠢᠤᠭᠰᠠᠨ ᠭᠠᠷ ᠠᠯᠴᠢᠭᠤᠷ ᠢᠶᠠᠨ ᠰᠡᠮᠡᠭᠡᠷ ᠬᠠᠶᠠᠵᠤ | ᠬᠥᠬᠡᠭᠡᠯᠴᠡᠬᠦ ᠤᠯᠠᠨ ᠬᠦᠮᠥᠨ ᠤ ᠨᠠᠭᠠᠳᠤᠮ ᠶᠤᠮ᠃ | ᠨᠠᠭᠠᠳᠬᠤ ᠠᠷᠭ᠎ᠠ᠄ | ● ᠤᠯᠠᠨ ᠬᠡᠣᠬᠡᠳ ᠬᠤᠭᠤᠷᠣᠨᠲᠤ ᠪᠠᠨ ᠬᠤᠶᠠᠷ ᠭᠠᠷ ᠤᠨ ᠵᠠᠢ ᠪᠠᠷ ᠲᠤᠭᠤᠷᠢᠭ ᠪᠣᠯᠵᠤ ᠰᠠᠭᠤᠯᠴᠠᠨ᠋ᠠ᠃ | ● ᠲᠡᠭᠦᠨ ᠤ ᠳᠤᠮᠳᠠ ᠠᠴᠠ ᠠᠯᠴᠢᠭᠤᠷ ᠬᠠᠶᠠᠬᠤ ᠨᠢᠭᠡ ᠬᠦᠮᠥᠨ ᠢ ᠰᠤᠩᠭᠤᠵᠤ ᠭᠠᠷᠭᠠᠨ᠎ᠠ᠃ | ● ᠠᠯᠴᠢᠭᠤᠷ ᠬᠠᠶᠠᠬᠤ ᠬᠦᠮᠤᠨ ᠲᠤᠭᠤᠶᠢᠯᠠᠵᠤ ᠰᠠᠭᠤᠭᠰᠠᠨ ᠤᠯᠠᠭᠤᠯᠠ ᠶᠢᠨ ᠭᠠᠲᠠᠭᠤᠷ ᠨᠢ ᠭᠦᠶᠦᠬᠦ ᠵᠠᠭᠤᠷ᠎ᠠ ᠪᠠᠨ ᠠᠯᠢ ᠨᠢᠭᠡᠨ ᠤ ᠬᠢᠨᠢ ᠠᠷᠤ ᠳᠤ | ᠠᠯᠴᠢᠭᠤᠷ ᠢᠶᠠᠨ ᠰᠡᠮᠡᠭᠡᠷ ᠬᠠᠶᠠᠵᠤ ᠤᠷᠬᠢᠭᠠᠳ ᠦᠯᠦ ᠮᠡᠳᠡᠭ ᠦᠷᠭᠦᠯᠵᠢᠯᠠᠨ ᠲᠤᠭᠤᠷᠢᠵᠤ ᠭᠦᠶᠦᠨ᠎ᠡ᠃ | ● ᠠᠯᠴᠢᠭᠤᠷ ᠬᠠᠶᠠᠭᠰᠠᠨ ᠬᠦᠮᠤᠨ ᠨᠢᠭᠡ ᠲᠤᠭᠤᠶᠢᠯᠠᠵᠤ ᠢᠷᠡᠲᠡᠯ᠎ᠡ ᠠᠷᠤ ᠳᠤ ᠪᠠᠨᠠᠯᠴᠢᠭᠤᠷ ᠬᠠᠶᠠᠭᠤᠯᠤᠭᠰᠠᠨ ᠬᠦᠮᠤᠨᠰᠠᠷᠠᠵᠤ ᠮᠡᠳᠡᠬᠦ ᠦᠭᠡᠢ ᠪᠢᠷ ᠪᠠᠷᠢᠭᠳᠠᠪᠠᠯ | ᠲᠣᠭᠤᠷᠢᠭ ᠤᠨ ᠳᠤᠮᠳᠠ ᠣᠷᠣᠵᠤ ᠳᠠᠭᠤᠤ ᠳᠠᠭᠤᠯᠠᠬᠤ ᠪᠤᠶᠤ ᠰᠢᠯᠦᠭ ᠤᠩᠰᠢᠬᠤ᠂ ᠦᠯᠢᠭᠡᠷᠬᠡᠯᠡᠬᠦ᠂ ᠰᠤᠭ ᠭᠠᠷᠭᠠᠬᠤ ᠵᠡᠷᠭᠡ ᠲᠣᠭᠯᠠᠯᠲᠠ ᠭᠠᠷᠭᠠᠨ᠎ᠠ᠃ | ● ᠪᠠᠷᠢᠭᠰᠠᠨ ᠬᠦᠮᠤᠨ ᠨᠢ ᠪᠠᠷᠢᠭᠳᠠᠭᠰᠠᠨ ᠬᠦᠮᠥᠨ ᠤ ᠣᠷᠣᠨ ᠳᠤ ᠨᠢ ᠰᠠᠭᠤᠭᠠᠳ ᠪᠠᠷᠢᠭᠳᠠᠭᠰᠠᠨ ᠬᠦᠮᠤᠨ ᠨᠢ ᠵᠠᠯᠭᠠᠭᠠᠳ ᠠᠯᠴᠢᠭᠤᠷ ᠢᠶᠠᠨ ᠬᠠᠶᠠᠵᠤ | ᠨᠠᠭᠠᠳᠤᠨ᠎ᠠ᠃ | ● ᠬᠡᠷᠪᠡ ᠠᠯᠴᠢᠭᠤᠷ ᠬᠠᠶᠠᠭᠤᠯᠤᠭᠰᠠᠨ ᠬᠥᠮᠥᠨ ᠳᠣᠣᠷ᠎ᠠ ᠨᠢ ᠰᠠᠷᠠᠵᠤ ᠮᠡᠲᠡᠪᠡᠯ ᠠᠯᠴᠢᠭᠤᠷ ᠢ ᠠᠪᠴᠤ | ᠠᠯᠴᠢᠭᠤᠷ ᠬᠠᠶᠠᠭᠰᠠᠨ ᠬᠦᠮᠤᠨ ᠤ ᠬᠤᠶᠢᠨ᠎ᠠ ᠠᠴᠠ ᠳᠠᠷᠤᠢ ᠲᠦᠷᠭᠡᠨ ᠨᠡᠭᠡᠭᠡᠳ ᠪᠠᠷᠢᠵᠤ ᠠᠪᠤᠪᠠᠯ᠂ ᠪᠠᠷᠢᠭᠳᠠᠭᠰᠠᠨ ᠬᠦᠮᠤᠨ ᠨᠢ ᠲᠣᠭᠤᠶᠢᠯᠠᠨ ᠰᠠᠭᠤᠭᠰᠠᠨ | ᠬᠦᠮᠤᠰ ᠤᠨ ᠭᠤᠣᠯ ᠳᠤᠨᠢ ᠣᠴᠢᠵᠤ ᠳᠠᠭᠤᠤ ᠳᠠᠭᠤᠯᠠᠬᠤ ᠪᠤᠶᠤ ᠰᠢᠯᠦᠭ ᠤᠩᠰᠢᠨ᠎ᠠ᠃ ᠪᠠᠷᠢᠵᠤ ᠡᠰᠡ ᠲᠠᠶᠢᠯᠪᠠᠯ ᠦᠷᠭᠦᠯᠵᠢᠯᠠᠨ ᠠᠯᠴᠢᠭᠤᠷ ᠢᠶᠠᠨ ᠬᠠᠶᠠᠵᠤ | ᠲᠡᠭᠡᠷᠡᠬᠢ ᠠᠷᠭ᠎ᠠ ᠪᠠᠷ ᠨᠠᠭᠠᠳᠤᠮ ᠢᠶᠠᠨ ᠦᠷᠭᠦᠯᠵᠢᠯᠡᠭᠦᠯᠦᠨ᠎ᠡ᠃ | | | | | ︽ᠨᠤᠲᠤᠭ ᠤᠬᠠᠭᠠᠨ︾ ᠭᠡᠭᠦ ᠨᠤᠮ ᠠᠴᠠ ᠪᠠᠭᠤᠯᠭᠠᠪᠠ |