ᠮᠣᠩᠭᠤᠯ ᠦᠨᠳᠦᠰᠣᠳᠠᠨ ᠤ ᠤᠯᠠᠮᠵᠢᠯᠠᠯᠲᠤ ᠨᠠᠭᠠᠳᠤᠮ ᠲᠣᠭᠯᠠᠭᠠᠮ  ︵  ᠳᠦᠷᠪᠡ︶  ᠤᠳᠠᠰᠤ ᠡᠯᠭᠦᠯᠴᠡᠬᠦ ᠨᠠᠭᠠᠳᠤᠮ
ᠨᠡᠶᠢᠲᠡᠯᠡᠭᠰᠡᠨ ᠴᠠᠭ᠄
2024/12/13
      ᠮᠣᠩᠭᠤᠯ ᠤᠳᠠᠰᠤ ᠡᠯᠭᠦᠯᠴᠡᠬᠦ ᠨᠠᠭᠠᠳᠤᠮ ᠢ ᠪᠠᠰᠠ ᠬᠠᠨᠠᠨ ᠡᠷᠢᠶᠡᠨ ᠦᠨᠳᠦᠰᠦᠲᠡᠨ ᠤ ᠨᠠᠭᠠᠳᠤᠮ ᠭᠡᠳᠡᠭ᠃ ᠤᠲᠠᠰᠤᠨ ᠤ ᠬᠤᠶᠠᠷ ᠦᠵᠦᠭᠦᠷ  ᠢ ᠵᠠᠩᠬᠢᠳᠴᠤ ᠪᠢᠳᠡᠭᠦᠦ ᠪᠣᠯᠭᠠᠭᠠᠳ ᠡᠯᠳᠡᠪ ᠵᠦᠶᠢᠯ ᠤᠨ ᠳᠦᠷᠰᠦᠪᠦᠲᠦᠭᠡᠵᠤ ᠨᠠᠭᠠᠳᠬᠤ ᠨᠠᠭᠠᠳᠤᠮ ᠪᠣᠯᠣᠨ᠎ᠠ᠃      ᠨᠠᠭᠠᠳᠬᠤ ᠠᠷᠭ᠎ᠠ᠄     ●ᠤᠲᠠᠰᠤᠨ  ᠤ ᠬᠤᠶᠠᠷ ᠦᠵᠦᠬᠦᠷ ᠢ ᠬᠤᠯᠪᠣᠨ‌ᠵᠠᠩᠬᠢᠳᠴᠤ ᠪᠢᠳᠡᠭᠦᠦ ᠪᠣᠯᠭᠠᠨ᠎ᠠ᠃     ●ᠨᠢᠭᠡ ᠨᠢ ᠬᠤᠶᠠᠷ ᠭᠠᠷ ᠤᠨ  ᠢᠶᠠᠨ ᠠᠷᠪᠠᠨ‌ᠬᠤᠷᠤᠭᠤᠨ ᠳᠤ ᠤᠳᠠᠰᠤ ᠶᠢ ᠡᠯᠭᠦᠵᠦ ᠲᠦᠬᠦᠮ ᠲᠦᠷᠰᠤ ᠡᠭᠦᠰᠭᠡᠨ᠎ᠡ᠃     ●ᠨᠥᠭᠦᠭᠡ ᠬᠥᠮᠤᠨ ᠨᠢ ᠤᠳᠠᠰᠤᠨ ᠤ ᠤᠯᠠᠨ‌‍ᠲ᠋ᠠᠯ᠎ᠠ ᠥᠨᠴᠥᠭ ᠠᠭᠤᠯᠵᠠᠷ  ᠠᠴᠠ ᠬᠤᠶᠠᠷ ᠭᠠᠵᠷ ᠤᠨ ᠬᠤᠷᠤᠭᠤ ᠪᠠᠷ ᠢᠶᠠᠨ ᠤᠷᠠᠨ ᠲᠡᠮ ᠲᠠᠢ ᠡᠯᠭᠦᠨ ᠠᠪᠴᠤ ᠰᠢᠨ᠎ᠡ ᠳᠦᠷᠰᠤ ᠡᠭᠦᠰᠭᠡᠨ ᠬᠠᠭᠠᠯᠭ᠎ᠠ᠂ ᠡᠭᠦᠳᠡ᠂ ᠠᠭᠠᠯᠵᠢᠨᠬᠡᠳᠡᠰᠤ᠂ ᠤᠩᠭᠤᠴᠠ ᠵᠡᠷᠭᠡ ᠶᠢ ᠪᠦᠲᠦᠭᠡᠵᠤ ᠭᠠᠷᠭᠠᠳᠠᠭ᠃       ●ᠵᠠᠯᠭᠠᠭᠠᠳ ᠠᠩᠬᠠᠨ ᠤ ᠬᠥᠮᠥᠨ ᠨᠢ ᠡᠯᠭᠦᠨ ᠠᠪᠴᠤ ᠪᠠᠰᠠ ᠬᠠᠨ᠎ᠠ᠂ ᠠᠮᠠ᠂ ᠬᠦᠵᠦᠭᠦᠦ ᠭᠡᠭᠦᠴᠢᠯᠡᠨ ᠥᠭᠡᠷ᠎ᠡ ᠨᠢᠭᠡ ᠵᠦᠶᠢᠯ ᠤᠨ ᠬᠡᠯᠪᠡᠷᠢ ᠪᠣᠯᠭᠠᠨ ᠬᠤᠪᠢᠷᠠᠭᠠᠨ᠎ᠠ᠃     ●ᠤᠳᠠᠰᠤ ᠨᠢ ᠠᠯᠳᠠᠷᠠᠬᠤ ᠪᠤᠶᠤ ᠵᠠᠩᠬᠢᠷᠠᠭᠠᠳ ᠬᠡᠯᠪᠡᠷᠢ ᠳᠦᠷᠰᠦ ᠭᠠᠷᠭᠠᠵᠤ ᠳᠡᠶᠢᠯᠬᠦ ᠦᠭᠡᠢ ᠦᠶᠡᠰ ᠰᠦᠬᠦᠭᠳᠡᠭᠰᠡᠨ ᠳᠤ ᠲᠣᠭᠠᠴᠠᠨ᠎ᠠ᠃      ●ᠭᠠᠭᠴᠠ ᠬᠡᠣᠬᠡᠳ ᠴᠤ ᠬᠤᠶᠠᠷ ᠭᠠᠷ ᠤᠨ ᠢᠶᠠᠨ ᠠᠷᠪᠠᠨ ᠬᠤᠷᠣᠭᠤᠨ ᠳᠤ ᠪᠢᠳᠡᠭᠦᠦ ᠭᠤᠭᠴᠤᠭ᠎ᠠ ᠲᠠᠢ ᠤᠳᠠᠰᠤ ᠶᠢ ᠡᠯᠭᠦᠵᠦ ᠰᠢᠳᠦ ᠣᠷᠣᠭᠤᠯ ᠤᠨ ᠢᠶᠠᠨ ᠬᠠᠮᠵᠢᠯᠴᠠᠭ᠎ᠠ ᠪᠠᠷ ᠣᠯᠠᠨ ᠵᠦᠶᠢᠯ ᠤᠨ ᠲᠦᠷᠰᠤ ᠪᠦᠲᠦᠭᠡᠵᠦ ᠨᠠᠭᠠᠳᠴᠤ ᠪᠣᠯᠳᠠᠭ᠃                   ︽ᠨᠤᠲᠤᠭ ᠤᠬᠠᠭᠠᠨ︾ ᠭᠡᠭᠦ  ᠨᠤᠮ ᠠᠴᠠ ᠪᠠᠭᠤᠯᠭᠠᠪᠠ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ