ᠤᠷᠳᠤᠰ ᠮᠤᠩᠭᠤᠯᠴᠤᠳ ᠤᠨ ᠬᠤᠪᠴᠠᠰᠤ ᠬᠤᠨᠠᠷ ᠤᠷᠠᠯᠠᠵᠤ ᠡᠮᠦᠰᠬᠦ ᠵᠠᠩ ᠦᠢᠯᠡ(ᠲᠤᠯᠤᠭ᠎ᠠ) ᠤᠤᠵᠢ
ᠨᠡᠶᠢᠲᠡᠯᠡᠭᠰᠡᠨ ᠴᠠᠭ᠄
2024/12/11
      ᠤᠤᠵᠢ ᠪᠣᠯ ᠤᠷᠳᠤᠰ ᠡᠮᠡᠭᠳᠡᠶᠢᠴᠤᠳ ᠤᠨ ᠲᠡᠷᠯᠢᠭ  ᠤᠨ ᠭᠠᠲᠠᠭᠤᠷ ᠳᠠᠪᠬᠤᠷᠯᠠᠨ ᠡᠮᠦᠰᠬᠦ ᠬᠠᠨᠴᠤᠢ ᠦᠭᠡᠢ᠂ ᠰᠢᠯᠤᠭᠤᠨ ᠡᠩᠬᠡᠷ ᠲᠠᠢ᠂ ᠲᠠᠪᠤᠨ ᠲᠣᠪᠴᠢ ᠎ ᠲᠠᠢ᠂ ᠬᠤᠶᠠᠷ ᠲᠠᠰᠢᠶᠠᠨ ᠳᠤ ᠨᠢ ᠵᠠᠶᠢᠴᠠ ᠲᠠᠢ᠂ ᠠᠷᠤ ᠳᠤ ᠨᠢ ᠤᠨᠣᠭᠤ ᠲᠠᠢ᠂ ᠴᠡᠭᠡᠵᠢ ᠪᠦᠰᠡᠯᠡᠭᠦᠷ ᠨᠢ ᠢᠪᠴᠤᠤ᠂ ᠬᠤᠷᠮᠣᠢ ᠨᠢ ᠲᠡᠷᠪᠡᠭᠡᠷ ᠰᠢᠭ᠂ ᠬᠥᠪᠡᠭᠡ  ᠪᠠᠷ ᠎ ᠢᠶᠠᠨ 3 — 4 ᠬᠤᠷᠣᠭᠤ ᠭᠤᠶᠤ ᠰᠠᠶᠢᠬᠠᠨ ᠡᠮᠵᠢᠶᠠᠷᠢ ᠳᠠᠷᠤᠭᠤᠯᠤᠭᠰᠠᠨ ᠭᠠᠳᠠᠷ ᠲᠦᠷᠬᠦ ᠳᠡᠭᠡᠷ᠎ᠡ  ᠪᠠᠨ ᠡᠮᠡᠭᠲᠡᠢ ᠬᠥᠮᠤᠨ ᠤ ᠪᠡᠶ᠎ᠡ ᠪᠠᠶᠢᠳᠠᠯ ᠤᠨ ᠮᠣᠷᠣᠢ ᠱᠣᠭᠤᠮ ᠤᠨ ᠭᠤᠸᠠᠯᠢᠭ ᠰᠠᠶᠢᠬᠠᠨ ᠢ ᠢᠯᠡᠷᠡᠭᠦᠯᠵᠦ ᠴᠢᠳᠡᠬᠤ ᠬᠢᠴᠡ  ᠪᠠᠷ ᠨᠠᠷᠢᠯᠢᠭ᠂ ‍ᠨ᠎ᠡ ᠦᠷᠳᠡᠭ  ᠢᠶᠠᠷ ᠦᠨᠳᠤᠷ᠂ ᠦᠵᠡᠬᠦ ᠳᠤ ᠰᠠᠶᠢᠬᠠᠨ᠂ ᠶᠣᠰᠣᠯᠠᠯ ᠤᠨ ᠬᠤᠪᠴᠠᠰᠤ ᠪᠣᠯᠬᠤ ᠶᠤᠮ᠃ ᠶᠣᠰᠣᠲᠠᠢ ︽ᠪᠠᠷᠴᠢᠬᠢᠷ ᠤᠨ ᠰᠠᠶᠢᠬᠠᠨ ᠨᠢ ᠦᠷᠥᠮ᠎ᠡ᠂ ᠪᠠᠭ᠋ᠠᠷᠬᠠᠭᠳᠠᠭ ᠤᠨ ᠰᠠᠶᠢᠬᠠᠨ ᠨᠢ ᠬᠤᠪᠴᠠᠰᠤ︾ ᠭᠡᠭᠴᠢ ᠤᠤᠵᠢ ᠶᠢ ᠬᠡᠯᠡᠵᠤ ᠪᠠᠶᠢᠭ᠎ᠠ ᠠᠵᠢ᠃ ᠤᠤᠵᠢ  ᠶᠢ ᠡᠰᠭᠡᠵᠦ ᠤᠶᠣᠬᠤ ᠳᠤ ᠪᠠᠨ ᠡᠮᠤᠰᠬᠦ ᠬᠥᠮᠤᠨ ᠤ ᠪᠡᠶ᠎ᠡ ᠪᠠᠶᠢᠳᠠᠯ᠂ ᠵᠢᠰᠤ ᠴᠢᠷᠠᠢ᠂ ᠬᠤᠪᠴᠡᠰᠤᠨ ᠦᠩᠭᠡ ᠵᠡᠷᠭᠡ ᠲᠠᠢ ᠶᠠᠪ ᠴᠡᠪ ᠳᠠᠭᠠᠷᠠᠭᠤᠯᠵᠤ ᠳᠣᠲᠣᠷ᠎ᠠ ᠡᠮᠦᠰᠬᠦ ᠲᠡᠷᠯᠢᠭ  ᠠᠴᠠ ᠪᠠᠨ ᠬᠡᠳᠤᠨ ᠬᠤᠷᠣᠭᠤ ᠣᠬᠤᠷ ᠥᠪᠡᠷ  ᠤᠨ ᠠᠯᠢ ᠳᠠᠭᠠᠰᠢᠶᠠᠭᠳᠠᠭᠰᠠᠨ ᠦᠩᠭᠡ ᠶᠢ ᠰᠤᠩᠭᠤᠨ ᠡᠰᠭᠡᠵᠦ ᠣᠶᠣᠬᠤ ᠭᠠᠵᠠᠷ  ᠢᠶᠠᠷ ᠨᠢ ᠨᠠᠭᠠᠯᠲᠠ ᠲᠦᠷᠬᠢᠵᠦ ᠳᠣᠳᠣᠷ ᠭᠠᠲᠠᠷ ᠢ ᠨᠢ ᠨᠡᠶᠢᠯᠡᠭᠦᠯᠦᠨ ᠦᠩᠭᠡ ᠶᠢᠨ ᠰᠠᠶᠢᠬᠠᠨ ᠲᠤᠷᠭᠠᠨ ᠤᠲᠠᠰᠤ  ᠪᠠᠷ ᠤᠷᠠᠯᠠᠵᠤ ᠬᠤᠶᠠᠷ ᠲᠠᠯ᠎ᠠ ᠶᠢᠨ ᠵᠠᠶᠢᠴᠠ᠂ ᠤᠨᠤᠭᠤ ᠶᠢᠨ ᠰᠠᠯᠪᠤᠷᠢ ᠳᠡᠭᠡᠷ᠎ᠡ ᠨᠢ ᠲᠤᠭᠤᠷ ᠤᠨ ᠤᠭᠠᠯᠵᠠ ᠣᠶᠣᠵᠤ ᠪᠠᠬᠢᠯᠡᠬᠦ ᠪᠥᠭᠡᠳ ᠲᠠᠯᠤ ᠮᠥᠷ᠊ ᠶᠢᠨ ᠥᠷᠭᠡᠨ ᠬᠥᠪᠡᠭᠡ ᠳᠡᠭᠡᠷ᠎ᠡ ᠨᠢ ᠶᠠᠩᠵᠤ  ᠶᠢᠨ ᠮᠤᠩᠭᠤᠯ ᠬᠡ ᠤᠭᠠᠯᠵᠠ ᠳᠠᠭᠠᠷᠠᠭᠤᠯᠵᠤ ᠶᠡᠭᠡ ᠡᠩᠬᠡᠷ ᠲᠲ᠋ᠡᠭᠡᠷ᠎ᠡ ᠨᠢ ᠪᠠᠪᠠᠭᠠᠢ᠂ ᠡᠷᠪᠡᠭᠡᠢ ᠬᠡᠯᠪᠡᠷᠢᠲᠠᠢ ᠬᠠᠪᠳᠠᠭᠠᠢ ᠪᠤᠶᠤ ᠪᠦᠮᠪᠣᠭᠡᠯᠢᠭ ᠮᠦᠩᠭᠦᠨ ᠲᠣᠪᠴᠢ ᠡᠰᠡᠭᠦᠯ᠎ᠡ ᠬᠤᠷᠭᠤᠢ  ᠪᠠᠷ ᠵᠠᠩᠬᠢᠲᠤᠭᠰᠠᠨ ᠵᠠᠩᠬᠢᠲᠤᠮᠠᠯ ᠲᠣᠪᠴᠢ ᠶᠢ ᠬᠠᠲᠠᠵᠤ ᠨᠡᠩ ᠭᠤᠶᠤ ᠰᠠᠶᠢᠬᠠᠨ ᠪᠣᠯᠭᠠᠳᠠᠭ᠃ ᠤᠤᠵᠢ ᠶᠢ ᠣᠯᠠᠩᠬᠢ ᠳᠤ ᠪᠠᠨ ᠪᠠᠶᠠᠳ ᠨᠣᠶᠠᠳ ᠤᠨ ᠬᠠᠲᠤᠭᠲᠠᠢ ᠨᠠᠷ ᠠᠷᠪᠢᠨ ᠡᠮᠦᠰᠬᠦ ᠪᠥᠭᠡᠳ ᠲᠡᠷᠢᠭᠦᠨ ᠳᠤ ᠪᠠᠨ ᠯᠤᠤ ᠶᠢᠨ ᠬᠤᠸᠠᠷᠲᠠᠢ ᠮᠠᠯᠠᠭᠠᠢ ᠪᠤᠶᠤ ᠳᠠᠷᠤᠭᠤᠯᠭ᠎ᠠ ᠰᠢᠪᠡᠭ ᠵᠡᠭᠦᠵᠦ ᠮᠠᠬᠠᠢ ᠎ ᠲᠠᠢ ᠵᠣᠬᠢᠷᠠᠭᠠᠭᠰᠠᠨ ᠪᠠᠶᠢᠬᠤ ᠬᠡᠷᠡᠭᠲᠡᠢ ᠪᠠᠶᠢᠳᠠᠭ᠃ ︽᠁ ᠤᠤᠵᠢ ᠡᠮᠦᠰᠪᠡᠯ ᠴᠢᠮᠡᠭ ᠵᠡᠭᠦᠵᠦ᠂ ᠤᠭᠤᠴᠠ ᠢᠳᠡᠪᠡᠯ ᠬᠢᠲᠤᠭ᠎ᠠ ᠪᠠᠷᠢᠳᠠᠭ︾ ᠭᠡᠳᠡᠭ  ᠢᠶᠠᠷ ᠤᠤᠵᠢ ᠡᠮᠦᠰᠬᠦ ᠳᠤ ᠴᠢᠮᠡᠭ ᠵᠡᠭᠦᠬᠦ ᠶᠢ ᠴᠢᠬᠤᠯᠠᠴᠢᠯᠠᠨ ᠬᠤᠶᠠᠷ ᠲᠠᠯ᠎ᠠ ᠶᠢᠨ ᠵᠠᠶᠢᠴᠠ ᠶᠢ ᠳᠠᠭᠠᠭᠤᠯᠤᠨ ᠲᠣᠷᠣᠭᠰᠢ ᠲᠠᠪᠤᠨ ᠦᠩᠭᠡ ᠶᠢᠨ ᠭᠬᠢᠪ ᠳᠤᠷᠳᠤᠩ ᠤᠨᠵᠢᠶᠢᠯᠭᠠᠨ ᠵᠡᠭᠦᠭᠰᠡᠨ ᠱᠢᠷᠤᠨ ᠰᠢᠬᠢᠳᠭᠡ ᠲᠠᠢ ᠮᠦᠩᠭᠦᠨ ᠪᠠᠯ ᠪᠤᠶᠤ ᠲᠤᠭᠤᠢ ᠮᠣᠳᠣᠨ ᠬᠠᠪᠳᠡᠰᠤ ᠶᠢ ᠲᠤᠷᠭ᠎ᠠ ᠪᠠᠷ ᠭᠠᠲᠠᠷᠯᠠᠵᠤ ᠨᠠᠭᠠᠭᠠᠳ ᠬᠤᠸᠠᠷ ᠬᠠᠳᠬᠬᠤᠭᠰᠠᠨ ᠪᠦᠰ  ᠪᠡᠯ ᠢ ᠵᠡᠭᠦᠭᠰᠡᠨ ᠪᠠᠶᠢᠬᠤ ᠶᠣᠰᠣᠲᠠᠢ ᠪᠠᠶᠢᠳᠠᠭ᠃ ᠤᠷᠳᠤᠰ ᠮᠤᠩᠭᠤᠯᠴᠤᠳ ︽ᠤᠤᠵᠢ ᠴᠢᠨᠢ ᠤᠷᠲᠤ ᠪᠣᠢ /ᠬᠢᠰᠬᠢᠭᠳᠡᠬᠦ  ᠠᠴᠠ ᠬᠢᠴᠢᠶᠠ ᠳ᠋ᠤᠤ ᠤᠯᠠᠩᠬᠢ  ᠶᠢᠨ ᠦᠭᠡ ᠬᠤᠷᠴᠠ ᠪᠣᠢ/ ᠬᠡᠯᠡᠭᠳᠡᠬᠦ ᠠᠴᠠ ᠬᠢᠴᠢᠶᠡ ᠳ᠋ᠣᠣ᠃/︾ ᠭᠡᠵᠦ ᠳᠠᠭᠤᠯᠠᠳᠠᠭ᠃                 ︽ᠤᠷᠳᠤᠰ ᠮᠤᠩᠭᠤᠯᠴᠤᠳ ᠤᠨ ᠤᠯᠠᠮᠵᠢᠯᠠᠯᠲᠤ  ᠡᠳ᠋ᠯᠡᠯ  ᠬᠡᠷᠡᠭᠰᠡᠯ ᠤᠨ ᠰᠤᠶᠤᠯ︾ ᠭᠡᠭᠦ  ᠨᠤᠮ ᠠᠴᠠ ᠪᠠᠭᠤᠯᠭᠠᠪᠠ                 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ