ᠴᠠᠭᠠᠨ ᠰᠤᠪᠤᠷᠭ᠎ᠠ
ᠨᠡᠶᠢᠲᠡᠯᠡᠭᠰᠡᠨ ᠴᠠᠭ᠄
2024/11/12
      ᠡᠵᠡᠨ ᠬᠤᠷᠤᠭ᠎ᠠ ᠬᠤᠰᠢᠭᠤᠨ ᠤ ᠰᠤᠪᠤᠷᠭ᠎ᠠ ᠪᠠᠯᠭᠠᠰᠤ ᠶᠢᠨ ᠰᠤᠪᠤᠷᠭ᠎ᠠ ᠭᠠᠴᠠᠭ᠎ᠠ ᠪᠤᠯ ᠲᠠᠯ᠎ᠠ ᠨᠤᠲᠤᠭ ᠤᠨ ᠵᠤᠭᠠᠴᠠᠯ ᠢᠶᠠᠷ ᠭᠤᠤᠯ ᠪᠣᠯᠭᠠᠭᠰᠠᠨ ᠭᠠᠴᠠᠭ᠎ᠠ ᠪᠣᠯᠤᠨ᠎ᠠ᠃      ᠤᠷᠳᠤᠰ ᠬᠤᠳᠠ ᠶᠢᠨ ᠬᠠᠮᠤᠭ ᠤᠨ ᠪᠦᠷᠢᠨ ᠪᠦᠲᠦᠨ ᠨᠡᠭᠦᠳᠡᠯ ᠮᠠᠯᠵᠢᠯ ᠤᠨ ᠲᠠᠯ᠎ᠠ ᠬᠡᠵᠤ ᠠᠯᠳᠠᠷᠰᠢᠭᠰᠠᠨ ᠰᠤᠪᠤᠷᠭ᠎ᠠ ᠶᠢᠨ ᠲᠠᠯ᠎ᠠ ᠶᠢᠨ ᠵᠤᠭᠠᠴᠠᠯ ᠤᠨ ᠤᠷᠤᠨ ᠳᠠᠷᠤᠢ ᠲᠤᠰ ᠭᠠᠴᠠᠭᠠᠨ ᠳᠤ ᠪᠠᠶᠢᠳᠠᠭ᠃ ᠪᠤᠯᠠᠭ ᠱᠠᠩᠳᠠ᠂ ᠳᠣᠪᠤ ᠲᠤᠪᠤᠴᠠᠭ᠂ ᠨᠤᠭᠤ ᠭᠠᠵᠠᠷ ᠪᠠ ᠪᠣᠳᠠ ᠰᠥᠭᠡᠭ ᠨᠢ ᠡ᠊ᠨᠳᠡᠬᠢ ᠭᠤᠤᠯ ᠪᠣᠯᠬᠤ ᠤᠷᠭᠤᠮᠠᠯ ᠤᠨ ᠬᠤᠴᠢᠯᠭ᠎ᠠ ᠶᠢ ᠪᠦᠷᠢᠯᠳᠦᠭᠦᠯᠵᠦ᠂ ᠴᠠᠬᠤᠯᠠᠶ᠂ ᠬᠤᠨ ᠭᠠᠯᠠᠭᠤ ᠨᠠᠭᠤᠷ ᠤᠨ ᠤᠰᠤᠨ ᠳᠠᠭᠠᠨ ᠰᠤᠯᠠ ᠰᠡᠯᠡᠭᠦᠤ ᠵᠤᠷᠴᠢᠨ᠎ᠠ᠃
 1.jpg
       ᠰᠤᠪᠤᠷᠭ᠎ᠠ ᠭᠠᠴᠠᠭᠠᠨ ᠳᠤ ᠡᠪᠡᠰᠦ ᠮᠤᠳᠤ ᠢᠭᠴᠤᠷᠠᠨ ᠤᠷᠭᠤᠭᠰᠠᠨ ᠭᠠᠵᠠᠷ ᠢᠶᠠᠷ ᠠᠶᠠᠯᠠᠪᠠᠯ ᠬᠤᠯᠠ ᠣᠶᠢᠷ᠎ᠠ ᠳᠠᠭᠠᠨ ᠠᠯᠳᠠᠷᠰᠢᠭᠰᠠᠨ ᠴᠠᠭᠠᠨ ᠰᠤᠪᠤᠷᠭ᠎ᠠ ᠬᠠᠷᠠᠭᠳᠠᠳᠠᠭ᠃ ᠤᠯᠠᠮᠵᠢᠯᠠᠯ ᠶᠠᠷᠢᠶᠠᠨ ᠳᠤ ᠪᠠᠨᠴᠢᠨ ᠪᠤᠭᠳᠠ ᠶᠢᠨ ᠮᠤᠷᠢ ᠨᠢ ᠠᠲᠡ ᠭᠡᠮᠳᠤᠵᠤ ᠥᠭᠦᠭᠰᠡᠨ ᠠᠴᠠ ᠴᠠᠭᠠᠨ ᠰᠤᠪᠤᠷᠭ᠎ᠠ ᠶᠢ ᠪᠠᠶᠢᠭᠤᠯᠵᠤ ᠲᠤᠷᠠᠰᠬᠠᠭᠰᠠᠨ ᠭᠡᠲᠡᠭ᠃ ᠴᠢᠩ ᠤᠯᠤᠰ ᠤᠨ ᠨᠠᠶᠢᠷᠠᠯᠳᠤ ᠲᠦᠪ ᠤᠨ ᠦᠶ᠎ᠡ ᠳᠤ ᠠᠳᠡᠬᠢ ᠪᠠᠶᠠᠨᠴᠠᠶᠢᠳᠠᠮ ᠤᠨ ᠰᠦᠮ᠎ᠡ ᠲᠡᠭᠡᠷ᠎ᠡ ᠪᠠᠨᠴᠢᠨ ᠪᠤᠭᠳᠠ ᠶᠡᠭᠡ ᠮᠦᠷᠬᠦᠯ ᠲᠠᠯᠪᠢᠭᠰᠠᠨ      ᠬᠡᠨ᠎ᠡ᠃ ᠪᠠᠨᠴᠢᠨᠨᠷᠳᠡᠨᠢ ᠶᠢᠨ ᠤᠨᠤᠳᠠᠭ ᠬᠠᠷ᠎ᠠ ᠮᠤᠷᠢ ᠨᠢ ᠰᠦᠮ᠎ᠡ ᠶᠢᠨ ᠪᠠᠷᠠᠭᠤᠨᠳᠠᠢ ᠬᠡᠮᠳᠦᠵᠤ ᠦᠭᠦᠭᠰᠡᠨ ᠳᠤ ᠪᠠᠨᠴᠢᠨ ᠪᠤᠭᠳᠠ ᠮᠤᠷᠢ ᠪᠠᠨ ᠬᠠᠶᠢᠷᠠᠯᠠᠵᠤ᠂ ᠮᠦᠷᠬᠦᠯᠴᠢᠳ ᠤᠨ ᠦᠭᠯᠢᠭᠡ ᠶᠢᠨ ᠵᠤᠭᠤᠰ ᠢᠶᠠᠷ ᠮᠤᠷᠢᠨ ᠤ ᠪᠠᠨ ᠦᠭᠦᠭᠰᠡᠨ ᠭᠠᠵᠠᠷ ᠲᠤ ᠨᠢᠭᠡᠨ ᠰᠤᠪᠤᠷᠭ᠎ᠠ ᠪᠤᠰᠬᠠᠴᠢᠬ᠎ᠠ ᠬᠡᠮᠡᠨ ᠷᠠᠪᠨᠠᠢ ᠬᠢᠵᠤ ᠦᠭᠭᠦᠭᠡᠳ ᠶᠠᠪᠤᠵᠠᠢ ᠬᠡᠨ᠎ᠡ᠃ ᠬᠠᠨᠭ᠍ᠬᠢᠨ ᠤ ᠪᠠᠳᠤᠸ᠋ᠴᠢᠷ ᠵᠠᠬᠢᠷᠤᠭᠴᠢ ᠡᠨᠡ ᠬᠦ ᠵᠤᠭᠤᠰ ᠢᠶᠠᠷ ᠨᠢ ᠠᠷᠪᠠᠨ ᠭᠤᠷᠪᠠᠨ ᠠᠯᠳᠠ ᠦᠨᠳᠦᠷ ᠭᠤᠶᠤ ᠰᠠᠶᠢᠬᠠᠨ ᠴᠠᠭᠠᠨ ᠰᠤᠪᠤᠷᠭ᠎ᠠ ᠶᠢ ᠪᠤᠰᠬᠠᠨ᠂ ᠰᠤᠪᠤᠷᠭ᠎ᠠ ᠶᠢᠨ ᠲᠡᠭᠡᠷ᠎ᠡ ᠬᠡᠰᠡᠭ ᠲᠠᠬᠢ ᠰᠢᠳᠦᠭᠡᠨ ᠰᠦᠮ᠎ᠡ ᠳᠤ ᠪᠠᠨᠴᠢᠨ ᠪᠤᠭᠳᠠ ᠶᠢᠨ ᠠᠳᠢᠰᠯᠠᠨ ᠬᠠᠶᠢᠷᠠᠯᠠᠭᠰᠠᠨ ᠪᠤᠷᠬᠠᠨ ᠢ ᠲᠡᠭᠡᠳᠦᠯᠡᠨ ᠲᠠᠬᠢᠭᠰᠠᠨ ᠪᠠᠶᠢᠵᠠᠢ᠃ ᠡ᠊ᠨᠳᠡ ᠠᠴᠠ ᠬᠤᠶᠢᠰᠢ ᠡᠨᠡ ᠭᠠᠵᠠᠷ ᠢ ︽ᠴᠠᠭᠠᠨ ᠰᠤᠪᠤᠷᠭ᠎ᠠ︾ ᠬᠡᠵᠤ ᠨᠡᠷᠡᠯᠡᠨ ᠤᠷᠳᠤᠰ ᠤᠨ ᠲᠠᠬᠢᠯ ᠮᠦᠷᠬᠦᠯ ᠤᠨ ᠴᠢᠬᠤᠯᠠ ᠭᠠᠵᠠᠷ ᠤᠨ ᠨᠢᠭᠡ ᠨᠢ ᠪᠤᠯᠤᠭᠰᠠᠨ ᠪᠠᠶᠢᠨ᠎ᠠ᠃ ᠬᠤᠵᠢᠮ ᠨᠢ ᠲᠦᠭᠦᠮᠴᠢᠯᠡᠭᠡᠳ ︽ᠰᠤᠪᠤᠷᠭ᠎ᠠ︾ ᠬᠡᠬᠦ ᠪᠤᠯᠵᠤ᠂ ᠡᠳᠦᠭᠡ ᠭᠠᠴᠠᠭ᠎ᠠ ᠪᠠ ᠰᠤᠮᠤᠨ ᠤ ᠨᠡᠷᠡᠶᠢᠳᠦᠯ ᠪᠤᠯᠤᠭᠰᠠᠨ‌‍ᠪᠠᠶᠢᠨ᠎ᠠ᠃ 
2.jpg
        ᠴᠠᠭᠠᠨ ᠰᠤᠪᠤᠷᠭ᠎ᠠ ᠨᠢ ᠦᠶ᠎ᠡ ᠶᠢᠨ ᠦᠶ᠎ᠡ ᠶᠢᠨ ᠰᠠᠬᠢᠨ ᠬᠠᠮᠠᠭᠠᠯᠠᠭᠴᠢ ᠲᠠᠢ ᠪᠦᠭᠡᠳ ᠡᠳᠦᠭᠡ ᠶᠢᠰᠦᠳᠦᠭᠡᠷ ᠦᠶ᠎ᠡ ᠳᠤ ᠬᠦᠷᠦᠭᠰᠡᠨ ᠪᠠᠶᠢᠨ᠎ᠠ᠃ ᠶᠢᠰᠦᠳᠦᠭᠡᠷ ᠦᠶ᠎ᠡ ᠶᠢᠨ ᠰᠠᠬᠢᠨ ᠬᠠᠮᠠᠭᠠᠯᠠᠭᠴᠢ ᠶᠢ ᠢᠯᠠᠯᠳᠤ ᠬᠡᠳᠡᠭ᠃ ᠲᠡᠳᠡᠨ ᠤ ᠬᠢᠨ ᠴᠠᠭᠠᠨ ᠰᠤᠪᠤᠷᠭ᠎ᠠ ᠶᠢᠨ ᠬᠠᠵᠠᠭᠤ ᠳᠤ ᠰᠠᠭᠤᠷᠢᠰᠢᠵᠤ ᠪᠤᠢ᠃ ᠡᠭᠦᠳᠡ ᠠᠴᠠ ᠪᠠᠨ ᠭᠠᠷᠤᠮᠠᠭᠴᠠ ᠲᠠᠯ᠎ᠠ ᠲᠠᠢ᠂ ᠨᠠᠭᠤᠷ ᠲᠠᠢ ᠦᠵᠡᠮᠵᠢ ᠲᠡᠭᠦᠰ ᠰᠠᠶᠢᠬᠠᠨ ᠭᠠᠵᠠᠷ ᠪᠠᠶᠢᠯ᠎ᠠ᠃ ᠢᠯᠠᠯᠳᠤ ᠡᠳᠦᠷ ᠪᠦᠷᠢ ᠴᠠᠭᠠᠨ ᠰᠤᠪᠤᠷᠭ᠎ᠠ ᠶᠢᠨ ᠲᠠᠬᠢᠯᠭ᠎ᠠ ᠲᠠᠶᠢᠯᠭ᠎ᠠ ᠶᠢᠨ ᠦᠢᠯᠡ ᠳᠡᠭᠡᠨ ᠬᠢᠴᠢᠶᠡᠬᠦ ᠶᠢᠨ ᠲᠠᠭᠠᠤ᠂ ᠦᠪᠡᠷ ᠤᠨ ᠡᠷᠬᠢᠯᠡᠭᠰᠡᠨ ︽ᠮᠠᠯᠴᠢᠨ ᠠᠶᠢᠯ ᠤᠨ ᠪᠠᠶᠠᠰᠤᠯ︾᠎ ᠳᠠᠭᠠᠨ ᠬᠡᠶᠢᠴᠢᠨ ᠵᠤᠴᠢᠳ ᠢᠶᠠᠨ ᠤᠭᠳᠤᠵᠤ ᠶᠠᠭᠠᠷᠠᠳᠠᠭ᠃ ᠢᠯᠠᠯᠳᠤ ᠴᠠᠭᠠᠨ ᠰᠤᠪᠤᠷᠭ᠎ᠠ ᠶᠢᠨ ᠲᠠᠬᠢᠯᠭ᠎ᠠ ᠶᠢᠨ ᠦᠢᠯᠡ ᠶᠢ ᠴᠢᠩ ᠰᠡᠳᠬᠢᠯ ᠠᠴᠠ ᠪᠠᠨ ᠰᠥᠰᠥᠭᠯᠡᠨ ᠬᠦᠢᠴᠡᠳᠭᠡᠳᠡᠭ᠃ ᠲᠡᠷᠡ ᠡᠳᠦᠷ ᠪᠦᠷᠢ ᠵᠤᠯᠠ ᠠᠰᠠᠭᠠᠨ ᠮᠦᠷᠬᠦᠵᠤ᠂ ᠦᠭᠡᠳᠡ ᠡᠰᠡᠷᠡᠭ ᠢᠶᠠᠨ ᠲᠠᠭᠠᠳᠬᠠᠳᠠᠭ ᠪᠠᠶᠢᠯ᠎ᠠ᠃       ᠢᠯᠠᠯᠳᠤ ᠶᠢᠨ ᠬᠡᠯᠡᠬᠦ ᠪᠠᠷ᠂ ᠴᠠᠭᠠᠨ ᠰᠤᠪᠤᠷᠭ᠎ᠠ ᠶᠢ ᠬᠠᠮᠤᠭ ᠠᠩᠬ᠎ᠠ ᠪᠠᠶᠢᠭᠤᠯᠬᠤ ᠳᠤ 210 ᠮᠧᠳ᠋ᠷ ᠪᠠᠶᠢᠭᠰᠠᠨ᠂ ᠲᠠᠷᠤᠢ ᠤᠳᠤ ᠶᠢᠨ ᠠᠷᠪᠠ ᠲᠠᠬᠢᠨ ᠦᠨᠳᠦᠷ ᠪᠠᠶᠢᠵᠠᠢ᠃ ᠬᠡᠯᠪᠡᠷᠢ ᠲᠦᠷᠰᠦ ᠬᠡᠪ ᠨᠠᠮᠪᠠ ᠨᠢ ᠤᠳᠤ ᠶᠢᠨ ᠬᠢ ᠲᠠᠢ ᠠᠳᠠᠯᠢ᠃ ᠴᠠᠭ ᠲᠦᠷᠦ ᠶᠢᠨ ᠦᠢᠮᠡᠭᠡᠨ ᠳᠤ ᠡᠪᠳᠡᠭᠳᠡᠵᠤ᠂ ᠤᠳᠤ ᠶᠢᠨ ᠴᠠᠭᠠᠨ ᠰᠤᠪᠤᠷᠭ᠎ᠠ ᠪᠤᠯ 1996 ᠤᠨ ᠳᠤ ᠲᠠᠬᠢᠨ ᠰᠡᠷᠭᠦᠭᠡᠨ ᠪᠠᠶᠢᠭᠤᠯᠤᠭᠰᠠᠨ ᠪᠠᠷᠢᠯᠭ᠎ᠠ ᠬᠡᠳᠡᠭ᠃ ᠴᠠᠭᠠᠨ ᠰᠤᠪᠤᠷᠭ᠎ᠠ ᠶᠢᠨ ᠬᠠᠵᠠᠭᠤ ᠳᠤ ᠰᠤᠪᠤᠷᠭ᠎ᠠ ᠶᠢᠨ ᠰᠦᠮ᠎ᠡ ᠪᠠᠶᠢᠵᠤ᠂ ᠲᠠᠪᠤᠳᠤᠭᠠᠷ ᠳᠦᠷᠢ ᠶᠢᠨ ᠪᠠᠨᠴᠢᠠᠡᠷᠳᠡᠨᠢ ᠶᠢᠨ ᠪᠤᠶᠠᠨ ᠬᠡᠰᠢᠭ ᠲᠤ ᠢᠪᠡᠭᠡᠭᠳᠡᠵᠤ ᠣᠳᠣ ᠪᠣᠯᠲᠠᠯ᠎ᠠ ᠬᠦᠵᠢ ᠵᠤᠯᠠ ᠲᠠᠰᠤᠷᠠᠭ᠎ᠠ ᠦᠭᠡᠶ᠃       ᠤᠳᠤᠬᠠᠨ ᠳᠤ ᠰᠤᠪᠤᠷᠭ᠎ᠠ ᠭᠠᠴᠠᠭ᠎ᠠ ᠨᠢ ᠴᠠᠭᠠᠨ ᠰᠤᠪᠤᠷᠭ᠎ᠠ᠂ ᠰᠤᠪᠤᠷᠭ᠎ᠠ ᠶᠢᠨ ᠰᠦᠮ᠎ᠡ ᠵᠢᠴᠢ ᠮᠠᠯᠴᠢᠨ ᠠᠶᠢᠯ ᠤᠨ ᠡᠷᠬᠢᠯᠡᠭᠰᠡᠨ ᠵᠤᠭᠠᠴᠠᠯ ᠲᠠᠢ ᠤᠶᠠᠯᠳᠤᠭᠤᠯᠤᠨ ᠲᠠᠬᠢᠯᠭ᠎ᠠ ᠲᠠᠶᠢᠯᠭ᠎ᠠ ᠪᠠ ᠠᠮᠢ ᠠᠬᠤᠢ ᠶᠢᠨ ᠵᠤᠭᠠᠴᠠᠯ ᠢᠶᠠᠷ ᠭᠤᠣᠯ ᠠᠭᠤᠯᠭ᠎ᠠ ᠪᠣᠯᠭᠠᠭᠰᠠᠨ ᠲᠠᠯ᠎ᠠ ᠨᠤᠲᠤᠭ ᠤᠨ ᠵᠤᠭᠠᠴᠠᠯ ᠤᠨ ᠦᠢᠯᠡᠰ ᠢ ᠬᠦᠭᠵᠢᠬᠦᠯᠵᠤ᠂ ᠨᠤᠳᠤᠭ ᠤᠰᠤᠨ ᠤ ᠤᠯᠠᠨ ᠲᠦᠮᠡᠨ᠂ ᠬᠤᠯᠠ ᠤᠢᠢᠷ᠎ᠠ ᠶᠢᠨ ᠵᠤᠭᠠᠴᠠᠭᠰᠳ ᠤᠨ ᠬᠠᠷᠠᠭ᠎ᠠ ᠶᠢ ᠬᠤᠵᠢᠷᠯᠠᠵᠤ᠂ ᠰᠡᠳᠬᠢᠯ ᠢ ᠪᠠᠶᠠᠰᠬᠠᠵᠤ ᠪᠠᠶᠢᠨ᠎ᠠ᠃ ᠵᠤᠭᠠᠴᠠᠭᠰᠠᠳ ᠮᠣᠷᠢ ᠤᠨᠤᠵᠤ᠂ ᠲᠡᠨᠢᠭᠡᠷ ᠠᠭᠤᠳᠠᠮ ᠲᠠᠯ᠎ᠠ ᠨᠤᠲᠤᠭ ᠢᠶᠠᠷ ᠲᠠᠪᠬᠢᠭᠤᠯᠳᠠᠭ᠃ ᠪᠠᠰᠠ ᠲᠡᠤᠭᠡ ᠰᠤᠶᠤᠯ ᠤᠨ ᠭᠠᠶᠢᠬᠠᠮᠰᠢᠭ ᠢ ᠰᠤᠨᠢᠭᠤᠴᠢᠯᠠᠨ‌‍ᠰᠤᠨᠤᠰᠴᠤ᠂ ᠴᠠᠭᠠᠨ ᠰᠤᠪᠤᠷᠭ᠎ᠠ ᠳᠤ ᠲᠠᠭᠠᠳᠬᠠᠵᠤ᠂ ᠤᠷᠲᠤ ᠨᠠᠰᠤᠯᠠᠵᠤ ᠤᠳᠠᠭᠠᠨ ᠵᠢᠷᠭᠠᠬᠤ ᠬᠡᠰᠢᠭ ᠢ ᠬᠦᠷᠲᠡᠵᠦ᠂ ᠮᠠᠯᠴᠢᠳ ᠲᠠᠢ ᠬᠠᠮᠲᠤ ᠲᠠᠯ᠎ᠠ ᠨᠤᠲᠤᠭ ᠤᠨ ᠮᠠᠯᠴᠢᠨ ᠠᠶᠢᠯ ᠤᠨ ᠠᠮᠢᠳᠤᠷᠠᠯ ᠢ ᠡᠳ᠋ᠯᠡᠵᠤ ᠪᠠᠶᠢᠳᠠᠭ᠃ ᠰᠤᠪᠤᠷᠭ᠎ᠠ ᠭᠠᠴᠠᠭ᠎ᠠ ᠨᠢ ᠠᠵᠢᠯᠴᠢ ᠵᠤᠴᠢᠨᠰᠠᠭ ᠬᠦᠮᠦᠨ ᠠᠷᠠᠳ᠂ ᠪᠠᠶᠢᠭᠠᠯᠢ ᠠᠴᠠ ᠢᠪᠡᠭᠡᠭᠰᠡᠨ ᠦᠡᠭᠭᠡ ᠦᠵᠡᠮᠵᠢ᠂ ᠦᠪ ᠰᠤᠶᠤᠯ ᠤᠨ ᠤᠯᠠᠮᠵᠢᠯᠠᠯ ᠳᠠᠭᠠᠨ ᠲᠦᠰᠢᠭᠯᠡᠨ ᠤᠴᠢᠭᠰᠠᠨ ᠬᠦᠮᠦᠨ ᠪᠦᠬᠦᠨ ᠤ ᠪᠠᠭ᠋ᠠᠷᠬᠠᠯ ᠢ ᠲᠠᠳᠠᠵᠤ᠂ ᠰᠡᠳᠬᠢᠯ ᠢ ᠤᠶᠠᠰᠬᠠᠨ᠎ᠠ᠃  
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ