ᠬᠤᠨᠢ ᠢᠮᠠᠭᠠᠨ ᠤ ᠭᠡᠳᠡᠰᠦᠨ ᠴᠢᠰᠤᠨ ᠬᠤᠣᠷᠳᠠᠯᠭ᠎ᠠ
ᠨᠡᠶᠢᠲᠡᠯᠡᠭᠰᠡᠨ ᠴᠠᠭ᠄
2024/10/18
      ᠬᠤᠨᠢ ᠢᠮᠠᠭᠠᠨ ᠤ ᠭᠡᠳᠡᠰᠦᠨ ᠤ ᠴᠢᠰᠤᠨ ᠬᠤᠣᠷᠳᠠᠯᠭ᠎ᠠ ᠪᠣᠯ ᠬᠤᠨᠢᠨ ᠤ ᠨᠢᠭᠡ ᠵᠦᠢᠯ ᠤᠨ ᠲᠦᠷᠭᠡᠨ ᠴᠢᠨᠠᠷᠲᠤ ᠴᠢᠰᠤᠨ ᠬᠤᠣᠷᠳᠠᠯᠭ᠎ᠠ ᠪᠣᠯᠣᠨ᠎ᠠ᠃ ᠡᠪᠡᠳᠴᠢᠨ ᠤ ᠡᠭᠦᠰᠬᠦ ᠨᠢ D ᠬᠡᠯᠪᠡᠷᠢ ᠶᠢᠨ ᠸᠧᠯᠼᠢ ᠤᠷᠬᠢᠨᠴᠢᠷ ᠪᠠᠺᠲ᠋ᠧᠷᠢ ᠬᠤᠨᠢᠨ ᠤ ᠢᠳᠡᠰᠢᠨ ᠳᠤ ᠶᠡᠭᠡ ᠪᠠᠷ ᠦᠷᠡᠵᠢᠭᠡᠳ ᠬᠤᠤᠷᠰᠤ ᠭᠠᠷᠭᠠᠬᠤ ᠠᠴᠠ ᠪᠤᠢ ᠪᠤᠯᠳᠠᠭ᠃ ᠦᠬᠦᠳᠡᠯ ᠤᠨ ᠪᠥᠭᠡᠷ᠎ᠡ ᠶᠢᠨ ᠨᠡᠬᠡᠳᠡᠰᠦ ᠬᠢᠯᠪᠠᠷ ᠵᠥᠭᠡᠯᠡᠷᠡᠳᠡᠭ ᠪᠣᠯᠬᠤᠷ ᠲᠤᠰ ᠡᠪᠡᠳᠴᠢᠨ ᠢ ᠪᠠᠰᠠ ︽ᠪᠥᠭᠡᠷ᠎ᠡ ᠵᠥᠭᠡᠯᠡᠷᠡᠬᠦ ᠡᠪᠡᠳᠴᠢᠨ︾ ᠭᠡᠳᠡᠭ᠃ ᠡᠮᠴᠢᠯᠡᠪᠦᠷᠢ ᠳᠤ ᠬᠤᠨᠢᠨ ᠤ ᠲᠦᠷᠭᠡᠨ ᠬᠢᠵᠢᠭ ᠲᠠᠢ ᠤᠶᠢᠷᠠᠯᠴᠠᠭ᠎ᠠ ᠪᠣᠯᠬᠤᠷ ᠪᠠᠰᠠ ︽ᠠᠳᠠᠯᠢᠪᠲᠤᠷ ᠲᠦᠷᠭᠡᠨ ᠬᠢᠵᠢᠭ︾ ᠭᠡᠨ᠎ᠡ᠃       ᠰᠢᠨᠵᠢ ᠲᠡᠮᠳᠡᠭ       ᠭᠡᠨᠡᠳᠲᠡ ᠡᠪᠡᠳᠴᠢᠨ ᠡᠭᠦᠰᠬᠦ ᠨᠢ ᠲᠤᠰ ᠡᠪᠡᠳᠴᠢᠨ ᠤ ᠣᠨᠴᠠᠯᠢᠭ ᠪᠣᠯᠣᠨ᠎ᠠ᠃ ᠶᠡᠷᠦ ᠳᠤ ᠪᠠᠨ ᠰᠢᠨᠵᠢ ᠲᠮᠲᠡᠭ ᠨᠢ ᠮᠡᠳᠡᠭᠳᠡᠬᠦ ᠦᠭᠡᠢ ᠪᠠᠷ ᠦᠬᠦᠨ᠎ᠡ᠃ ᠭᠡᠪᠡᠴᠦ ᠶᠡᠷᠦᠩᠬᠡᠢ ᠳᠤ ᠪᠠᠨ ᠡᠪᠡᠳᠴᠢᠯᠡᠭᠰᠡᠨ ᠬᠤᠨᠢᠨ ᠤ ᠰᠢᠨᠵᠢ ᠲᠡᠮᠳᠡᠭ ᠶᠢ ᠨᠢ ᠳᠣᠣᠷᠠᠬᠢ ᠬᠤᠶᠠᠷ ᠵᠦᠢᠯ ᠤᠨ ᠬᠡᠯᠪᠡᠷᠢ ᠳᠤ ᠬᠤᠪᠢᠶᠠᠨ᠎ᠠ᠃       ᠨᠢᠭᠡ ᠵᠦᠢᠯ ᠨᠢ ᠲᠠᠲᠠᠪᠠᠯᠵᠠᠬᠤ ᠣᠨᠴᠠᠯᠢᠭ ᠲᠠᠢ᠂ ᠢᠯᠡᠷᠡᠯ ᠨᠢ ᠦᠬᠦᠬᠦ ᠠᠴᠠ ᠪᠠᠨ ᠡᠮᠦᠨ᠎ᠡ ᠲᠦᠷᠪᠡᠨ ᠮᠥᠴᠢ ᠨᠢ ᠴᠢᠩᠭ᠎ᠠ ᠲᠡᠯᠴᠢᠯᠡᠵᠦ ᠪᠤᠯᠴᠢᠩ ᠮᠢᠬ᠎ᠠ ᠨᠢ ᠴᠡᠴᠡᠷᠡᠨ ᠨᠢᠳᠦᠨ ᠴᠡᠴᠡᠭᠡᠢ ᠨᠢ ᠡᠷᠭᠢᠯᠳᠦᠵᠦ ᠰᠢᠲᠤ ᠬᠠᠪᠢᠷᠠᠨ ᠰᠢᠯᠦᠰᠦ ᠠᠷᠪᠢᠨ ᠭᠤᠭᠤᠵᠢᠭᠤᠯᠵᠤ ᠡᠴᠦᠰ ᠰᠡᠬᠦᠯ ᠳᠤ ᠪᠠᠨ ᠬᠦᠵᠦᠭᠦᠦ ᠨᠢ ᠮᠡᠳᠡᠭᠳᠡᠮ᠎ᠡ ᠠᠪᠴᠢᠵᠤ ᠠᠲᠤᠷᠢᠨ 2 — 4 ᠴᠠᠭ ᠤᠨ ᠳᠣᠲᠣᠷ᠎ᠠ ᠦᠬᠦᠨ᠎ᠡ᠃       ᠨᠦᠬᠦᠭᠡ ᠨᠢᠭᠡ ᠬᠡᠯᠪᠡᠷᠢ ᠨᠢ ᠮᠠᠨᠠᠷᠠᠬᠤ ᠪᠠ ᠨᠠᠮ ᠵᠢᠮ ᠦᠬᠦᠬᠦ ᠣᠨᠴᠠᠯᠢᠭ ᠲᠠᠢ᠃ ᠡᠪᠡᠳᠴᠢᠨ ᠤ ᠶᠠᠪᠤᠴᠠ ᠨᠢ ᠲᠡᠶᠢᠮᠦ ᠲᠦᠷᠭᠡᠨ ᠴᠢᠨᠠᠷᠲᠠᠢ ᠪᠢᠰᠢ᠂ ᠡᠬᠢᠨ ᠤ ᠰᠢᠨᠵᠢ ᠲᠡᠮᠳᠡᠭ ᠨᠢ ᠶᠡᠷᠦ ᠳᠤ ᠪᠠᠨ ᠪᠡᠶ᠎ᠡ ᠶᠢᠨ ᠪᠠᠶᠢᠳᠠᠯ ᠨᠢ ᠲᠣᠭᠲᠠᠭᠤᠨ ᠦᠭᠡᠢ᠂ ᠬᠡᠪᠲᠡᠭᠡᠳ ᠪᠤᠰᠬᠤ ᠦᠭᠡᠢ ᠪᠤᠯᠬᠤ ᠪᠠ ᠰᠡᠷᠡᠯ ᠤᠨ ᠰᠠᠭᠠᠳᠤᠯ ᠲᠠᠢ᠃ ᠡᠬᠢᠨ ᠳᠤ ᠪᠠᠨ ᠰᠢᠯᠦᠰᠦ ᠭᠤᠭᠤᠵᠢᠭᠤᠯᠬᠤ᠂ ᠬᠤᠶᠠᠷ ᠡᠷᠡᠦ ᠨᠢ ᠬᠠᠪᠠᠭᠠᠨᠠᠬᠤ᠂ ᠵᠠᠯᠭᠠᠭᠠᠳ ᠮᠠᠨᠠᠷᠠᠵᠤ᠂ ᠨᠢᠳᠦᠨ ᠡᠪᠡᠷᠯᠢᠭ ᠪᠦᠷᠬᠦᠭᠦᠯ ᠤᠨ ᠣᠶᠢᠯᠲᠠ ᠨᠢ ᠠᠷᠢᠯᠳᠠᠭ ᠂ ᠵᠠᠷᠢᠮ ᠭᠡᠮᠨᠡᠭᠰᠡᠨ ᠬᠤᠨᠢ ᠪᠠᠭᠠᠰᠤ ᠠᠯᠳᠠᠨ᠎ᠠ᠃ ᠶᠡᠷᠦ ᠳᠤ ᠪᠠᠨ 3 — 4 ᠴᠠᠭ ᠤᠨ ᠳᠣᠲᠣᠷ᠎ᠠ ᠨᠠᠮᠵᠢᠭᠤᠨ ᠢᠶᠠᠷ ᠦᠬᠦᠳᠡᠭ᠃ ᠲᠠᠲᠠᠪᠠᠯᠵᠠᠬᠤ ᠬᠡᠯᠪᠡᠷᠢ ᠪᠠ ᠮᠠᠨᠠᠷᠠᠬᠤ ᠬᠡᠯᠪᠡᠷᠢ ᠶᠢᠨ ᠰᠢᠨᠵᠢ ᠲᠡᠮᠳᠡᠭ ᠤᠨ ᠲᠠᠯ᠎ᠠ ᠪᠠᠷ ᠵᠥᠷᠢᠶ᠎ᠡ ᠨᠢ ᠬᠤᠤᠷᠰᠤ ᠰᠢᠩᠭᠡᠬᠡᠨ ᠠᠪᠤᠭᠰᠠᠨ ᠤ ᠤᠯᠠᠨ ᠴᠥᠭᠡᠨ ᠤ ᠠᠳᠠᠯᠢ ᠦᠭᠡᠢ ᠶᠢᠨ ᠦᠷ᠎ᠡ ᠳ᠋ᠦᠩ ᠮᠥᠨ᠃       D ᠬᠡᠯᠪᠡᠷᠢ ᠶᠢᠨ ᠸᠧᠯᠼᠢ ᠤᠷᠬᠢᠨᠴᠢᠷ ᠪᠠᠺᠲ᠋ᠧᠷᠢ ᠬᠠᠯᠳᠠᠪᠤᠷᠢᠯᠠᠭᠰᠠᠨ ᠡᠪᠡᠳᠴᠢᠨ ᠤ ᠵᠢᠱᠢᠶ᠎ᠡ ᠨᠢ ᠦᠬᠦᠬᠦ ᠠᠴᠠ ᠪᠠᠨ ᠡᠮᠦᠨ᠎ᠡ ᠢᠯᠡ ᠲᠣᠳᠣ ᠴᠢᠰᠤᠨ ᠰᠢᠬᠢᠷ ᠠᠷᠪᠢᠳᠬᠤ ︵40 — 65 ᠮᠢᠯᠢᠭᠷᠡᠮ %︶ ᠪᠠ ᠰᠢᠬᠢᠷ ᠰᠢᠵᠢᠩ ︵ᠬᠡᠪ ᠤᠨ 1 %᠎ ᠠᠴᠠ ᠳᠡᠭᠡᠭᠰᠢᠯᠡᠵᠦ 6 % ᠪᠤᠯᠬᠤ︶ ᠡᠪᠡᠳᠴᠢᠨ ᠤ ᠰᠢᠨᠵᠢ ᠲᠠᠢ ᠪᠠᠶᠢᠳᠠᠭ᠃       ᠰᠡᠷᠭᠡᠶᠢᠯᠡᠨ ᠵᠠᠰᠠᠬᠤ       1. ᠡᠮᠴᠢᠯᠡᠨ ᠵᠠᠰᠠᠬᠤ᠄ ᠡᠪᠡᠳᠴᠢᠨ ᠤ ᠶᠠᠪᠤᠴᠠ ᠨᠢ ᠪᠠᠴᠢᠮ ᠲᠦᠷᠭᠡᠨ ᠪᠣᠯ ᠡᠮᠴᠢᠯᠡᠨ ᠵᠠᠰᠠᠵᠤ ᠠᠮᠵᠢᠬᠤ ᠦᠭᠡᠢ᠃ ᠡᠪᠡᠳᠴᠢᠨ ᠤ ᠶᠠᠪᠤᠴᠠ ᠨᠢ ᠤᠳᠠᠭᠠᠨ ᠪᠣᠯ ᠰᠢᠨᠵᠢ ᠲᠡᠮᠳᠡᠭ ᠲᠤᠨᠢ ᠲᠣᠬᠢᠷᠠᠭᠤᠯᠤᠨ ᠡᠮᠨᠡᠨ᠎ᠡ᠃ 0.1 % PP ᠤᠰᠤ ᠴᠢᠳᠬᠤᠵᠤ ᠥᠭᠭᠦᠨ᠎ᠡ᠃ ᠬᠠᠭᠤᠷᠠᠢ ᠬᠥᠬᠡ ᠡᠪᠡᠰᠦ ᠪᠠᠷ ᠨᠥᠬᠦᠵᠦ ᠲᠡᠵᠢᠭᠡᠪᠡᠯ ᠡᠪᠡᠳᠴᠢᠨ ᠢ ᠨᠢ ᠨᠠᠮᠳᠠᠭᠤᠯᠬᠤ ᠳᠤ ᠲᠤᠰᠠ ᠲᠠᠢ᠃       2. ᠰᠡᠷᠭᠡᠶᠢᠯᠡᠯᠲᠡ᠄ ︵1︶ ᠦᠷᠬᠦᠯᠵᠢ ᠡᠬᠦᠰᠳᠡᠭ ᠣᠷᠣᠨ ᠳᠤ ᠸᠠᠺᠽᠢᠨ ᠲᠠᠷᠢᠵᠤ ᠰᠡᠷᠭᠡᠶᠢᠯᠡᠨ᠎ᠡ᠃ ᠭᠤᠷᠪᠠᠨ ᠬᠤᠯᠪᠤᠭ᠎ᠠ ᠪᠤᠶᠤ ᠲᠠᠪᠤᠨ ᠬᠤᠯᠪᠤᠭ᠎ᠠ ᠸᠠᠺᠽᠢᠨ ᠬᠡᠷᠡᠭᠯᠡᠨ᠎ᠡ᠃ ︵2︶ ᠡᠪᠡᠳᠴᠢᠨ ᠡᠭᠦᠰᠦᠮᠡᠭᠴᠡ ᠳᠠᠷᠤᠢ ᠲᠦᠷᠭᠡᠨ ᠪᠡᠯᠴᠢᠭᠡᠷ ᠰᠢᠯᠵᠢᠨ ᠮᠠᠯᠵᠢᠬᠤ ᠬᠡᠷᠡᠭᠲᠡᠢ᠃ ︵3︶ ᠠᠷᠠᠴᠢᠯᠠᠨ ᠬᠠᠮᠢᠶᠠᠷᠤᠯᠲᠠ ᠶᠢ ᠨᠢ ᠴᠢᠩᠭᠠᠳᠬᠠᠵᠤ᠂ ᠬᠤᠨᠢᠳ ᠤᠨ ᠬᠥᠳᠡᠯᠭᠡᠭᠡᠨ ᠢ ᠴᠢᠩᠭᠠᠯᠠᠨ᠎ᠠ᠃ ︵4︶ ᠡᠪᠡᠳᠴᠢᠨ ᠤ ᠨᠥᠯᠥᠭᠡᠯᠡᠬᠦ ᠰᠢᠯᠲᠠᠭᠠᠨ ᠢ ᠪᠠᠭᠠᠰᠬᠠᠬᠤ ᠶᠢᠨ ᠲᠥᠯᠥᠭᠡ ᠬᠥᠬᠡ ᠨᠣᠭᠤᠭ᠎ᠠ ᠤᠷᠭᠤᠬᠤ ᠨᠢ ᠣᠷᠣᠢ᠂ ᠡᠪᠡᠰᠦ ᠰᠢᠷᠠᠯᠠᠬᠤ ᠨᠢ ᠤᠳᠠᠭᠠᠨ ᠭᠠᠵᠠᠷ ᠮᠠᠯᠵᠢᠪᠠᠯ ᠰᠠᠶᠢᠨ᠃       ᠸᠠᠺᠽᠢᠨ ᠳᠠᠷᠢᠭᠰᠠᠨ ᠭᠠᠵᠠᠷ ᠪᠠᠰᠠ ᠡᠪᠡᠳᠴᠢᠨ ᠡᠬᠦᠰᠳᠡᠭ᠃ ᠢᠯᠠᠩᠭᠤᠶ᠎ᠠ ᠸᠠᠺᠽᠢᠨ ᠳᠠᠷᠢᠭᠰᠠᠨ ᠤ ᠳᠠᠷᠠᠭᠠᠬᠢ ᠨᠢᠭᠡ ᠰᠠᠷ᠎ᠠ ᠳᠣᠲᠣᠷ᠎ᠠ ᠬᠢᠯᠪᠠᠷ ᠡᠬᠦᠰᠳᠡᠭ᠃ ᠵᠠᠳᠠᠯᠤᠯᠲᠠ ᠶᠢ ᠦᠨᠳᠦᠰᠦᠯᠡᠪᠡᠯ᠂ ᠲᠡᠷᠡ ᠨᠢ ᠸᠠᠺᠽᠢᠨ ᠤ ᠦᠷ᠎ᠡ ᠠᠰᠢᠭ ᠲᠠᠢ ᠬᠤᠯᠪᠤᠭ᠎ᠠ ᠲᠠᠢ ᠪᠠᠶᠢᠵᠤ ᠮᠡᠳᠡᠨ᠎ᠡ᠃ ᠡᠶᠢᠮᠦ ᠠᠴᠠ ᠮᠠᠯ ᠤᠨ ᠪᠡᠯᠴᠢᠭᠡᠷ ᠤᠨ ᠴᠡᠪᠡᠷ ᠪᠠᠶᠢᠬᠤ ᠶᠢ ᠪᠠᠲᠤᠯᠠᠬᠤ ᠪᠠ ᠬᠠᠰᠢᠶ᠎ᠠ ᠬᠦᠷᠢᠶ᠎ᠡ ᠪᠠᠨ ᠠᠷᠢᠭᠤᠳᠬᠠᠬᠤ ᠠᠵᠢᠯ ᠢ ᠲᠣᠭᠲᠠᠭᠰᠠᠨ ᠴᠠᠭ ᠲᠠᠢ ᠥᠷᠨᠢᠭᠦᠯᠵᠦ᠂ ᠬᠢᠵᠢᠭ ᠤᠨ ᠪᠠᠶᠢᠴᠠᠭᠠᠯᠲᠠ ᠶᠢ ᠰᠠᠶᠢᠲᠤᠷ ᠃ 
ᠢᠷᠡᠯᠲᠡ᠄ ᠤᠷᠳᠤᠰ ᠬᠤᠳᠠ ᠶᠢᠨ ᠠᠷᠠᠳ ᠤᠨ ᠵᠠᠰᠠᠭ ᠤᠨ ᠤᠷᠳᠤᠨ