ᠴᠢᠪᠠᠭ᠎ᠠ ᠪᠤᠯ ᠡᠮᠡᠭᠳᠡᠢ ᠬᠦᠮᠦᠨ ᠤ ᠬᠠᠮᠤᠭ ᠤᠨ ᠰᠠᠶᠢᠨ ᠢᠳᠡᠭᠡᠨ
ᠨᠡᠶᠢᠲᠡᠯᠡᠭᠰᠡᠨ ᠴᠠᠭ᠄
2023/9/29
      ᠡᠮᠨᠡᠯᠭᠡ ᠶᠢᠨ ᠲᠤᠰᠬᠠᠢ ᠮᠡᠷᠭᠡᠵᠢᠯᠳᠡᠨ ᠤ ᠰᠠᠨᠠᠭᠤᠯᠬᠤ ᠪᠠᠷ᠂ ᠡᠮᠡᠭᠳᠡᠢ ᠬᠦᠮᠦᠨ ᠨᠢᠭᠡ ᠪᠡᠶᠡᠨ ᠳᠡᠭᠡᠨ ᠦᠷᠭᠦᠯᠵᠢ ᠴᠢᠪᠠᠭ᠎ᠠ ᠢᠳᠡᠬᠦ ᠬᠡᠷᠡᠭᠳᠡᠢ᠃ ᠴᠢᠪᠠᠭ᠎ᠠ ᠪᠣᠯ ᠡᠮᠡᠭᠳᠡᠢ ᠬᠦᠮᠦᠨ ᠤ ᠬᠠᠮᠤᠭ ᠤᠨ ᠰᠠᠶᠢᠨ ᠰᠢᠮ᠎ᠡ ᠲᠡᠵᠢᠭᠡᠯ ᠪᠠ ᠭᠤᠶᠤᠯᠠᠯ ᠤᠨ ᠵᠢᠮᠢᠰ ᠮᠦᠨ ᠭᠡᠵᠤ ᠪᠤᠢ᠃ ︵1︶ ᠴᠢᠪᠠᠭ᠎ᠠ ᠶᠢ ᠪᠤᠴᠠᠯᠤᠭᠰᠠᠨ ᠤᠰᠤᠨ ᠳᠤ ᠴᠢᠢᠯᠡᠵᠦ ᠤᠰᠤ ᠢ ᠨᠢ ᠤᠤᠭᠤᠪᠠᠯ ᠡᠯᠢᠭᠡ ᠬᠤᠳᠤᠭᠤᠳᠤ ᠶᠢ ᠭᠠᠮᠨᠠᠵᠤ ᠪᠡᠶ᠎ᠡ ᠶᠢᠨ ᠬᠤᠤᠷ ᠢ ᠠᠷᠢᠯᠭᠠᠨ᠎ᠠ᠃ ︵2︶ ᠴᠢᠪᠠᠭ᠎ᠠ ᠶᠢ ᠯᠤᠤ ᠶᠢᠨ ᠨᠢᠳᠤ ᠲᠠᠢ᠂ ᠬᠦᠬᠡ ᠴᠠᠢ ᠲᠠᠢ ᠴᠤᠭ ᠴᠢᠢᠯᠡᠵᠦ ᠤᠤᠭᠤᠪᠠᠯ ᠲᠠᠮᠢᠷ ᠲᠡᠩᠬᠡᠭᠡ ᠶᠢ ᠨᠡᠮᠡᠭᠳᠡᠬᠦᠯᠵᠤ ᠬᠤᠭᠤᠯᠠᠢ ᠪᠠᠭᠠᠯᠵᠠᠭᠤᠷ ᠲᠤ ᠰᠠᠶᠢᠨ᠃ ︵3︶ ᠴᠢᠪᠠᠭ᠎ᠠ ᠶᠢ ᠮᠦᠰᠦᠨ ᠰᠢᠬᠡᠷ᠂ ᠲᠤᠳᠤᠷᠭ᠎ᠠ ᠪᠤᠶᠤ ᠨᠠᠷᠢᠮᠤ ᠪᠤᠳᠠᠭ᠎ᠠ ᠲᠠᠢ ᠰᠢᠩᠬᠡᠨ ᠵᠤᠳᠠᠩ ᠪᠤᠯᠭᠠᠨ ᠴᠢᠨᠠᠵᠤ ᠢᠳᠡᠪᠡᠯ ᠠᠭᠤᠰᠬᠢᠨ ᠬᠠᠯᠠᠭᠤᠨ ᠢ ᠬᠦᠭᠡᠭᠡᠵᠤ ᠬᠠᠨᠢᠶᠠᠳᠤ ᠳᠤ ᠲᠤᠰᠠᠳᠠᠢ᠃ ︵4︶ ᠴᠢᠪᠠᠭ᠎ᠠ᠂ ᠯᠤᠤ ᠶᠢᠨ ᠨᠢᠳᠤ᠂ ᠤᠯᠠᠭᠠᠨ ᠰᠢᠬᠢᠷ᠂ ᠦᠨᠳᠡᠭᠡ ᠲᠠᠢ ᠴᠤᠭ ᠴᠢᠨᠠᠵᠤ ᠢᠳᠡᠪᠡᠯ ᠦᠩᠬᠡ ᠵᠢᠰᠤ ᠶᠢ ᠭᠤᠶᠤᠵᠢᠭᠤᠯᠬᠤ ᠦᠢᠯᠡᠳᠤᠯ ᠲᠠᠢ᠃ ︵5︶ ᠴᠢᠪᠠᠭ᠎ᠠ ᠶᠢ ᠠᠷᠢᠬᠢᠨ ᠳᠤ ᠲᠡᠪᠳᠤᠭᠡᠵᠤ ᠵᠤᠬᠢᠮᠵᠢᠳᠠᠢ ᠤᠤᠭᠤᠵᠤ ᠨᠢ ᠴᠢᠰᠤᠨ ᠡᠷᠭᠢᠯᠳᠡ ᠶᠢ ᠰᠠᠶᠢᠵᠢᠷᠠᠭᠤᠯᠵᠤ᠂ ᠬᠤᠳᠤᠭᠤᠳᠤ ᠬᠡᠲᠡᠰᠤ ᠶᠢ ᠭᠠᠮᠨᠠᠵᠤ ᠬᠠᠮᠠᠭᠠᠯᠠᠬᠤ ᠦᠢᠯᠡᠳᠦᠯ ᠲᠠᠢ ᠪᠠᠶᠢᠳᠠᠭ᠃
ᠢᠷᠡᠯᠲᠡ᠄ ᠵᠡᠬᠦᠨᠭᠠᠷ ᠬᠤᠰᠢᠭᠤᠨ ᠤ ᠠᠷᠠᠳ ᠤᠨ ᠵᠠᠰᠠᠭ ᠤᠨ ᠤᠷᠳᠤᠨ