| 6 ᠳ᠋ᠤᠭᠠᠷ ᠰᠠᠷ᠎ᠠ ᠶᠢᠨ 7 ᠤ ᠡᠳᠤᠷ᠂ ᠵᠢᠯ ᠪᠤᠯᠭᠠᠨ ᠳᠤ ᠨᠢᠭᠡ ᠤᠳᠠᠭ᠎ᠠ ᠶᠠᠪᠤᠭᠳᠠᠳᠠᠭ ᠶᠡᠭᠡ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠤᠯᠤᠰ ᠤᠨ | ᠨᠢᠭᠡᠳᠤᠯᠳᠡᠢ ᠰᠢᠯᠭᠠᠯᠳᠠ ᠪᠤᠯᠵᠤᠭ᠎ᠠ ᠶᠤᠰᠤᠭᠠᠷ ᠢᠷᠡᠵᠦ᠂ ᠡᠵᠡᠨ ᠬᠤᠷᠤᠭ᠎ᠠ ᠬᠤᠰᠢᠭᠤᠨ ᠤ 942 ᠰᠢᠯᠭᠠᠭᠤᠯᠤᠬᠴᠢ ᠦᠷᠯᠤᠭᠡ ᠶᠢᠨ 7 ᠴᠠᠭ ᠠᠴᠠ ᠡᠬᠢᠯᠡᠨ | ᠢᠳᠡᠭᠡᠯ ᠲᠦᠬᠦᠷᠡᠩ ᠰᠢᠯᠭᠠᠯᠳᠠ ᠶᠢᠨ ᠲᠠᠯᠠᠪᠠᠢ ᠳᠤ ᠪᠠᠨ ᠤᠷᠤᠵᠠᠭᠠᠯᠠ᠃ | ᠰᠢᠯᠭᠠᠯᠳᠠ ᠶᠢᠨ ᠴᠡᠭ ᠤᠨ ᠭᠠᠳᠠᠨ᠎ᠠ ᠭᠡᠷ ᠤᠨ ᠠᠬᠠᠮᠠᠳ ᠨᠠᠷ ᠭᠡᠤᠭᠡᠳ ᠠᠴᠠ ᠪᠠᠨ ᠢᠯᠡᠬᠦᠤ ᠰᠠᠨᠳᠤᠷᠤᠨ ᠪᠠᠶᠢᠵᠤ᠂ ᠮᠠᠨᠵᠤ ᠲᠡᠷᠯᠢᠭ᠂ ᠴᠢᠷᠮᠠᠶ ᠠᠮᠠᠪᠴᠢ᠂ | ᠪᠢᠴᠢᠬᠠᠨ ᠤᠯᠠᠭᠠᠨ ᠲᠤᠭ ᠁ ᠪᠤᠳᠤᠵᠤ ᠤᠯᠤᠭᠰᠠᠨ ᠪᠦᠬᠦᠨ ᠢᠶᠠᠨ ᠶᠠᠩᠵᠤ ᠮᠠᠶ᠋ᠢᠭ ᠬᠤᠪᠢᠷᠠᠭᠤᠯᠤᠨ᠂ ᠠᠷᠭ᠎ᠠ ᠪᠦᠬᠦᠨ ᠢ ᠰᠦᠪᠡᠭᠴᠢᠯᠡᠵᠦ ᠰᠢᠯᠭᠠᠭᠤᠯᠤᠭᠰᠠᠳ | ᠲᠤ ᠬᠦᠴᠦ ᠨᠡᠮᠡᠵᠦ ᠪᠠᠶᠢᠪᠠ᠃ | ᠰᠢᠯᠭᠠᠯᠲᠠ ᠶᠢᠨ ᠴᠡᠭ ᠤᠨ ᠤᠶᠢᠷ᠎ᠠ ᠬᠠᠪᠢ ᠪᠠᠷ᠂ ᠵᠠᠮ ᠬᠠᠷᠢᠯᠴᠠᠭᠠᠨ ᠤ ᠴᠠᠭᠳᠠᠭ᠎ᠠ ᠨᠠᠷ ᠲᠡᠷᠭᠡ ᠬᠦᠰᠭᠡ ᠶᠢ ᠶᠠᠭᠠᠷᠠᠯᠳᠠᠢ ᠵᠢᠯᠤᠭᠤᠳᠤᠨ᠂ ᠰᠢᠯᠭᠠᠯᠲᠠ ᠶᠢᠨ | ᠴᠡᠭ ᠤᠨ ᠡᠭᠦᠳᠡᠨ ᠳᠤ᠂ ᠣᠨᠴᠠ ᠴᠠᠭᠳᠠᠭ᠎ᠠ ᠶᠢᠨ ᠵᠡᠪᠰᠡᠭᠲᠦ ᠬᠦᠴᠦᠨ ᠵᠢᠵᠢᠭᠦᠷᠯᠡᠨ ᠰᠠᠬᠢᠵᠤ᠂ ᠬᠠᠶᠢᠷ᠎ᠠ ᠬᠠᠯᠠᠮᠵᠢᠳᠤ ᠲᠡᠷᠭᠡᠨ ᠠᠩᠭᠢ ᠶᠢᠨ ᠵᠢᠯᠣᠭᠤᠴᠢ ᠨᠠᠷ | ᠰᠢᠯᠭᠠᠭᠤᠯᠤᠭᠰᠠᠳ ᠲᠤ ᠦᠢᠯᠡᠴᠢᠯᠡᠭᠡ ᠪᠠᠳᠤᠯᠠᠭ᠎ᠠ ᠬᠠᠩᠭᠠᠬᠤ ᠪᠠᠷ ᠴᠠᠭ ᠢᠮᠠᠭᠳᠠ ᠪᠡᠯᠡᠭᠡᠨ ᠪᠠᠶᠢᠪᠠ᠃ |