ᠴᠠᠭᠠᠨ ᠯᠢᠩᠬᠤᠸ᠎ᠠ ᠬᠤᠳᠠ
ᠨᠡᠶᠢᠲᠡᠯᠡᠭᠰᠡᠨ ᠴᠠᠭ᠄
2023/5/12
ᠴᠠᠭᠠᠨ ᠯᠢᠩᠬᠤᠸ᠎ᠠ ᠶᠢᠨ ᠬᠤᠳᠠ ᠳᠤ ᠲᠠᠪᠠ ᠪᠠᠷ ᠢᠶᠠᠨ ᠦᠰᠦᠭᠰᠡᠨ ᠪᠡᠶ᠎ᠡ ᠯᠡ ᠮᠢᠨᠢ ᠠᠯᠤᠰ ᠬᠤᠯᠠ ᠮᠤᠷᠳᠠᠬᠤ ᠳᠤ ᠲᠡᠨᠳᠡ ᠨᠢᠬᠡ ᠯᠡ ᠰᠠᠨᠠᠭᠳᠠᠨ᠎ᠠ      ᠢᠷᠪᠢᠰ ᠴᠠᠭᠠᠨ ᠪᠤᠳᠤᠭᠤ ᠨᠢ      ᠢᠵᠢᠯᠢ ᠠᠴᠠ ᠪᠠᠨ ᠰᠠᠯᠬᠤᠢ ᠳᠤ ᠪᠤᠶᠢᠯᠢᠩᠬᠠᠢ      ᠡᠩᠬᠦᠷᠠᠢ ᠪᠠᠭ᠎ᠠ ᠶᠢᠨ ᠪᠢᠳᠠᠨ ᠨᠢ      ᠡᠵᠢ ᠠᠴᠠ ᠪᠠᠨ ᠰᠠᠯᠬᠤᠢ ᠳᠤ ᠤᠬᠢᠯᠠᠩᠬᠠᠢ ᠤᠯᠠᠭᠠᠨ ᠬᠠᠳᠠ ᠶᠢᠨ ᠡᠩᠬᠡᠷ ᠲᠤ ᠤᠯᠠᠭᠠᠨ ᠰᠤᠪᠤᠳ ᠡᠷᠳᠡᠨᠢ ᠤᠭᠤᠷᠠᠭ ᠰᠦ ᠪᠠᠨ ᠰᠢᠮᠡᠬᠦᠯᠦᠭᠰᠡᠨ ᠡᠵᠢ ᠮᠠᠨ ᠳᠠᠭᠠᠨ ᠡᠷᠳᠡᠨᠢ      ᠲᠦᠷᠪᠡᠯᠵᠢᠨ ᠶᠡᠭᠡ ᠪᠠᠶᠢᠰᠢᠩ ᠨᠢ      ᠲᠦᠴᠢᠨ ᠲᠦᠷᠪᠡᠨ ᠠᠰᠠᠷ ᠲᠠᠢ      ᠲᠤᠮᠳᠠ ᠨᠢ ᠰᠠᠭᠤᠭᠰᠠᠨ ᠠᠯᠪᠠᠨ ᠨᠢ      ᠮᠠᠨᠽᠤᠰᠢᠷᠢ ᠶᠢᠨ ᠬᠤᠪᠢᠯᠭᠠᠨ ᠠᠪᠠᠢ ᠮᠢᠨᠢ ᠦᠭᠬᠦᠭᠰᠡᠨ ᠠᠯᠠᠭ ᠬᠠᠷ᠎ᠠ ᠨᠤᠮᠤ ᠬᠡᠨ᠎ᠡ ᠬᠦᠪᠴᠢᠨ ᠠᠴᠠ ᠪᠠᠨ ᠡᠯᠡᠬᠦ ᠳᠤ ᠲᠡᠨᠳᠡ ᠨᠢᠬᠡ ᠲᠤᠷᠠᠳᠤᠨ᠎ᠠ      ᠡᠵᠢ ᠮᠢᠨᠢ ᠦᠭᠭᠦᠭᠰᠡᠨ      ᠰᠡᠩᠰᠡ ᠬᠤᠷᠠᠭᠠᠨ ᠬᠦᠷᠮ᠎ᠡ ᠬᠡᠨ᠎ᠡ      ᠬᠤᠷᠮᠤᠢ ᠠᠴᠠ ᠪᠠᠨ ᠡᠯᠡᠬᠦ ᠳᠤ      ᠲᠡᠨᠳᠡ ᠨᠢᠬᠡ ᠲᠤᠷᠠᠳᠤᠨ᠎ᠠ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾᠎ ᠠᠴᠠ ᠰᠡᠶᠢᠷᠡᠬᠦᠯᠪᠡ
ᠢᠷᠡᠯᠲᠡ᠄ ᠡᠵᠡᠨ ᠬᠤᠷᠤᠭ᠎ᠠ ᠬᠤᠰᠢᠭᠤᠨ ᠤ ᠵᠠᠰᠠᠭ ᠤᠨ ᠤᠷᠳᠤᠨ