ᠬᠠᠳᠠᠳᠤ ᠪᠤᠯᠠᠭ
ᠨᠡᠶᠢᠲᠡᠯᠡᠭᠰᠡᠨ ᠴᠠᠭ᠄
2023/3/20
ᠬᠠᠳᠠᠳᠤ ᠪᠤᠯᠠᠭ ᠤᠨ ᠤᠰᠤ ᠨᠢ ᠬᠠᠳᠠᠨ ᠤ ᠪᠡ ᠠᠶᠠᠰ ᠢᠶᠠᠷ ᠬᠠᠯᠬᠢᠰᠬᠢᠵᠦ ᠤᠷᠤᠰᠤᠨ᠎ᠠ ᠬᠠᠶᠢᠷᠠᠯᠠᠵᠤ ᠦᠰᠬᠡᠭᠰᠡᠨ ᠡᠵᠢ ᠳᠡᠭᠡᠨ ᠵᠢᠯ ᠤᠨ ᠭᠤᠷᠪᠠ ᠬᠦᠷᠴᠦ ᠤᠴᠢᠭᠠᠳ ᠵᠤᠯᠭᠠᠶ᠎ᠠ ᠳ᠋ᠣᠣ ᠮᠠᠩᠬᠠᠳᠤ ᠪᠤᠯᠠᠭ ᠤᠨ ᠤᠰᠤ ᠨᠢ ᠮᠠᠩᠬᠠᠨ ᠤ ᠠᠶᠠᠰ ᠢᠶᠠᠷ ᠤᠷᠤᠰᠤᠨ᠎ᠠ ᠮᠠᠨᠴᠤᠶᠢᠯᠠᠵᠤ ᠦᠰᠬᠡᠭᠰᠡᠨ ᠡᠵᠢ ᠳᠡᠭᠡᠨ ᠵᠢᠯ ᠤᠨ ᠭᠤᠷᠪᠠ ᠤᠴᠢᠵᠤ ᠵᠤᠯᠭᠠᠶ᠎ᠠ ᠡᠷᠬᠢᠳᠦ ᠪᠤᠯᠠᠭ ᠤᠨ ᠤᠰᠤ ᠨᠢ ᠡᠷᠬᠢᠨ ᠤ ᠪᠠᠨ ᠠᠶᠠᠰ ᠢᠶᠠᠷ ᠤᠷᠤᠰᠤᠨ᠎ᠠ ᠡᠩᠬᠦᠷᠠᠶᠢᠯᠠᠵᠤ ᠦᠰᠬᠡᠭᠰᠡᠨ ᠡᠵᠢ ᠳᠡᠭᠡᠨ ᠵᠢᠯ ᠤᠨ ᠭᠤᠷᠪᠠ ᠤᠴᠢᠵᠤ ᠵᠤᠯᠭᠠᠶ᠎ᠠ ᠨᠠᠢᠮᠠᠳᠠᠢ ᠭᠤᠤᠯ ᠤᠨ ᠤᠰᠤ ᠨᠢ ᠨᠠᠷᠠᠨ ᠤ ᠠᠶᠠᠰ ᠢᠶᠠᠷ ᠤᠷᠤᠰᠤᠨ᠎ᠠ ᠨᠠᠮᠢᠷᠠᠭᠤᠯᠵᠤ ᠦᠰᠬᠡᠭᠰᠡᠨ ᠪᠢᠳᠠ ᠨᠠᠷ ᠠᠪᠤ ᠡᠵᠢ ᠶᠢᠨ ᠢᠶᠠᠨ ᠪᠤᠶᠠᠨ ᠳᠤ ᠪᠤᠭᠤᠷᠤᠯ ᠠᠪᠤ ᠶᠢᠨ ᠮᠢᠨᠢ ᠨᠤᠳᠤᠭ ᠨᠢ ᠪᠠᠶᠠᠨᠪᠤᠯᠠᠭ ᠤᠨ ᠲᠡᠷᠡᠰᠦᠨ ᠬᠤᠭᠤᠯᠠᠢ ᠳᠤ ᠪᠤᠭᠤᠷᠤᠯ ᠡᠵᠢ ᠶᠢᠨ ᠮᠢᠨᠢ ᠰᠠᠭᠤᠭᠰᠠᠨ ᠨᠤᠳᠤᠭ ᠨᠢ ᠠᠯᠠᠱᠠ ᠴᠢᠨ ᠸᠠᠩ ᠤᠨ ᠰᠠᠭᠤᠭᠰᠠᠨ ᠨᠤᠳᠤᠭ ᠰᠢᠤ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾᠎ ᠠᠴᠠ ᠰᠡᠶᠢᠷᠡᠬᠦᠯᠪᠡ
ᠢᠷᠡᠯᠲᠡ᠄ ᠡᠵᠡᠨ ᠬᠤᠷᠤᠭ᠎ᠠ ᠬᠤᠰᠢᠭᠤᠨ ᠤ ᠵᠠᠰᠠᠭ ᠤᠨ ᠤᠷᠳᠤᠨ