ᠬᠠᠪᠤᠷ ᠴᠠᠭ ᠲᠤ
ᠨᠡᠶᠢᠲᠡᠯᠡᠭᠰᠡᠨ ᠴᠠᠭ᠄
2023/3/18
ᠬᠠᠪᠤᠷ ᠴᠠᠭ ᠲᠤ ᠴᠤᠭᠯᠠᠷᠠᠭᠰᠠᠨ ᠬᠠᠮᠤᠭ ᠰᠢᠪᠠᠭᠤᠬᠠᠢ ᠬᠠᠷ᠎ᠠ ᠰᠡᠷᠢᠬᠦᠨ ᠤᠨᠠᠬᠤᠢ ᠴᠠᠭ ᠲᠤ ᠬᠠᠷᠢᠳᠠᠭ ᠪᠠᠶᠢᠯᠬᠦᠢ ᠳ᠋ᠣᠣ ᠬᠠᠷᠠᠬᠠᠨ ᠪᠠᠭ᠎ᠠ ᠶᠢᠨ ᠦᠰᠦᠭᠰᠡᠨ ᠨᠤᠳᠤᠭ ᠲᠡᠨᠳᠡ ᠪᠠᠶᠢᠭᠰᠠᠨ ᠬᠤᠶᠢᠨ᠎ᠠ ᠬᠠᠰᠢ ᠬᠡᠷᠡᠭ ᠬᠦᠮᠦᠨ ᠤ ᠭᠠᠵᠠᠷ ᠶᠠᠭᠤᠨ ᠳᠠᠭᠠᠨ ᠡᠷᠬᠢᠨ᠎ᠡ ᠳ᠋ᠣᠣ     ᠠᠷᠬᠠᠰ ᠬᠡᠵᠦ ᠬᠠᠷᠠᠭᠳᠠᠳᠠᠭ ᠠᠮᠪᠠ ᠶᠢᠨ ᠤᠪᠤᠭ᠎ᠠ ᠪᠠᠶᠢᠨ᠎ᠠ     ᠠᠯᠤᠰ ᠬᠤᠯᠠ ᠮᠠᠨᠠᠷᠠᠭᠴᠢ ᠮᠠᠨ ᠤ ᠨᠤᠳᠤᠭ ᠰᠢᠤ     ᠠᠯᠢ ᠭᠠᠵᠠᠷ ᠰᠠᠭᠤᠵᠤ ᠰᠤᠷᠪᠠᠯ ᠲᠡᠷᠡ ᠭᠠᠵᠠᠷ ᠲᠤ     ᠠᠳᠤᠭᠤᠰᠤ ᠮᠠᠯ ᠴᠤ ᠪᠤᠯᠳᠠᠯ᠎ᠠ ᠪᠡᠯᠴᠢᠬᠡᠷᠰᠢᠳᠡᠭ ᠰᠢᠤ ᠪᠠᠷᠠᠭᠤᠨ ᠡᠮᠦᠨ᠎ᠡ ᠬᠠᠷᠠᠭᠳᠠᠳᠠᠭ ᠪᠠᠢ ᠶᠢᠨ ᠠᠭᠤᠯᠠ ᠪᠠᠶᠢᠨ᠎ᠠ ᠪᠠᠷᠢᠳᠠᠭ ᠲᠠᠯᠪᠢᠳᠠᠭ ᠢᠶᠠᠨ ᠠᠪᠤᠶ᠎ᠠ ᠬᠡᠪᠡᠯ ᠪᠠᠶᠢᠰᠢᠩ ᠮᠠᠰᠢᠩ ᠳᠤ ᠪᠠᠷ᠎ᠠ ᠲᠠᠢ ᠰᠠᠶᠢᠬᠠᠨ ᠰᠠᠭᠤᠶ᠎ᠠ ᠬᠡᠪᠡᠯ ᠪᠠᠶᠢᠰᠢᠩ ᠢᠶᠠᠨ ᠪᠠᠷᠢᠨ᠎ᠠ ᠳ᠋ᠣᠣ ᠪᠠᠶᠠᠨ ᠡᠯᠪᠡᠭ ᠰᠠᠭᠤᠶ᠎ᠠ ᠭᠡᠪᠡᠯ ᠪᠠᠷᠠᠭᠤᠨ ᠭᠠᠵᠠᠷ ᠲᠤ     ᠴᠤᠭᠯᠠᠷᠠᠭᠰᠠᠨ ᠤᠯᠠᠨ ᠤ ᠲᠤᠳᠤᠷ᠎ᠠ ᠠᠴᠠ ᠬᠠᠷᠠᠬᠤᠯᠠᠷᠠᠨ     ᠴᠤᠯᠮᠤᠨ ᠤᠳᠤᠨ ᠬᠢᠯᠠᠯᠵᠠᠭᠰᠠᠨ ᠨᠢᠬᠡᠨ ᠠᠳᠠᠯᠢ ᠪᠠᠶᠢᠨ᠎ᠠ     ᠴᠤᠬᠤᠮ ᠡᠷᠳᠡᠮ ᠴᠢᠨᠠᠷ ᠢ ᠴᠢᠨᠢ ᠰᠢᠨᠵᠢᠬᠦᠯᠡᠷᠡᠨ     ᠴᠢᠭᠤᠯᠭᠠᠨ ᠬᠤᠰᠢᠭᠤ ᠤᠯᠠᠨ ᠲᠤᠳᠤᠷ᠎ᠠ ᠴᠢ ᠮᠢᠨᠢ ᠦᠵᠦᠬᠦᠷ ᠪᠠᠶᠢᠨ᠎ᠠ ᠬᠠᠪᠢᠷᠭ᠎ᠠ ᠶᠢᠨ ᠴᠢᠨᠢ ᠲᠠᠯ᠎ᠠ ᠠᠴᠠ ᠬᠠᠷᠠᠬᠤᠯᠠᠷᠠᠨ ᠬᠠᠯᠢᠨ ᠨᠢᠰᠬᠦ ᠲᠤᠭᠤᠰ ᠲᠤᠳᠢ ᠨᠢᠬᠡᠨ ᠠᠳᠠᠯᠢ ᠪᠠᠶᠢᠨ᠎ᠠ ᠬᠠᠨᠢᠯᠠᠵᠤ ᠶᠠᠪᠤᠭᠰᠠᠨ ᠢᠶᠠᠨ ᠪᠤᠳᠤᠬᠤᠯᠠᠷ ᠬᠠᠷᠢ ᠬᠤᠰᠢᠭᠤ ᠴᠢᠭᠤᠯᠭᠠᠨ ᠲᠤᠳᠤᠷ᠎ᠠ ᠴᠢ ᠮᠢᠨᠢ ᠦᠵᠦᠬᠦᠷ ᠪᠠᠶᠢᠨ᠎ᠠ     ᠤᠯᠠᠭᠠᠨ ᠬᠤᠩᠭᠤᠷ ᠴᠢᠷᠠᠢ ᠶᠢ ᠴᠢᠨᠢ ᠰᠢᠨᠵᠢᠬᠦᠯᠠᠷ     ᠤᠳᠤᠮᠪᠠᠷᠠ ᠴᠡᠴᠡᠭ ᠤᠨ ᠬᠡᠯᠳᠡᠰ ᠮᠠᠳᠦ ᠨᠢᠬᠡᠨ ᠠᠳᠠᠯᠢᠬᠠᠨ     ᠤᠰᠬᠠᠯ ᠰᠠᠶᠢᠬᠠᠨ ᠤᠬᠠᠭ᠎ᠠ ᠶᠢ ᠴᠢᠨᠢ ᠪᠤᠳᠤᠬᠤᠯᠠᠷᠠᠨ     ᠤᠨᠳᠤᠷᠤᠮᠠᠯ ᠪᠤᠯᠠᠭ ᠤᠨ ᠤᠰᠤᠨ ᠠᠴᠠ ᠪᠠᠨ ᠲᠤᠩᠭᠠᠯᠠᠭ ᠪᠠᠶᠢᠨ᠎ᠠ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾᠎ ᠠᠴᠠ ᠰᠡᠶᠢᠷᠡᠬᠦᠯᠪᠡ
ᠢᠷᠡᠯᠲᠡ᠄ ᠡᠵᠡᠨ ᠬᠤᠷᠤᠭ᠎ᠠ ᠬᠤᠰᠢᠭᠤᠨ ᠤ ᠵᠠᠰᠠᠭ ᠤᠨ ᠤᠷᠳᠤᠨ