| | ᠬᠤᠯᠮᠠᠩ ᠴᠢᠬᠢᠳᠤ ᠬᠤᠯᠠ ᠮᠤᠷᠢ ᠴᠢᠨᠢ | ᠬᠤᠯᠠᠨ ᠵᠢᠬᠢᠨᠳᠠᠢ ᠶᠢᠨ ᠤᠨᠠᠭ᠎ᠠ ᠯᠠ ᠶᠤᠮ ᠳ᠋ᠣᠣ | ᠬᠠᠶᠢᠷᠠᠯᠠᠵᠤ ᠦᠰᠬᠡᠭᠰᠡᠨ ᠪᠡᠶ᠎ᠡ ᠮᠢᠨᠢ ᠳ᠋ᠣᠣ | ᠬᠤᠶᠠᠷ ᠪᠤᠭᠳᠠ ᠶᠢᠨ ᠡᠩᠬᠡᠷ ᠲᠤ ᠨᠤᠳᠤᠭ ᠲᠠᠢ ᠶᠤᠮ ᠳ᠋ᠣᠣ | ᠤᠯᠠᠭᠠᠨ ᠲᠤᠷᠭᠠᠨ ᠴᠠᠮᠴᠠ ᠯᠠ ᠪᠠᠶᠢᠨ᠎ᠠ ᠰᠢᠤ ᠳ᠋ᠣᠣ | ᠤᠷᠠᠳ ᠤᠨ ᠬᠤᠰᠢᠭᠤᠨ ᠤ ᠬᠠᠶᠢᠷ᠎ᠠ ᠪᠠᠶᠢᠨ᠎ᠠ ᠰᠢᠤ ᠳ᠋ᠣᠣ | ᠤᠯᠠᠭᠠᠨ ᠵᠡᠬᠡᠷᠳᠡ ᠮᠤᠷᠢ ᠪᠠᠶᠢᠨ᠎ᠠ ᠰᠢᠤ ᠳ᠋ᠣᠣ | ᠤᠨᠤᠭᠠᠳ ᠶᠠᠪᠤᠬᠤ ᠶᠢᠨ ᠪᠡᠯᠡᠭ ᠪᠠᠶᠢᠨ᠎ᠠ ᠰᠢᠣ ᠳ᠋ᠣᠣ | ᠠᠪᠤ ᠶᠢᠨ ᠮᠢᠨᠢ ᠦᠭᠬᠦᠭᠰᠡᠨ ᠬᠠᠶᠢᠷ᠎ᠠ ᠪᠠᠶᠢᠨ᠎ᠠ ᠰᠢᠤ ᠳ᠋ᠣᠣ | ᠠᠷᠪᠠ ᠯᠠᠩ ᠤᠨ ᠠᠯᠳᠠᠨ ᠪᠠᠭᠤᠤ ᠪᠠᠶᠢᠨ᠎ᠠ ᠰᠢᠤ ᠳ᠋ᠣᠣ | ᠠᠬ᠎ᠠ ᠶᠢᠨ ᠮᠢᠨᠢ ᠦᠭᠬᠦᠭᠰᠡᠨ ᠬᠠᠶᠢᠷ᠎ᠠ ᠪᠠᠶᠢᠨ᠎ᠠ ᠰᠢᠤ ᠳ᠋ᠣᠣ | ᠬᠤᠶᠠᠷ ᠮᠤᠷᠢᠨ ᠤ ᠢᠨᠵᠢ ᠯᠠ ᠪᠠᠶᠢᠨ᠎ᠠ ᠰᠢᠣ ᠳ᠋ᠣᠣ | ᠡᠵᠢ ᠶᠢᠨ ᠮᠢᠨᠢ ᠦᠭᠭᠦᠭᠰᠡᠨ ᠬᠠᠶᠢᠷ᠎ᠠ ᠪᠠᠶᠢᠨ᠎ᠠ ᠰᠢᠤ ᠳ᠋ᠣᠣ | ᠠᠪᠳᠠᠷ᠎ᠠ ᠴᠤ ᠲᠦᠬᠦᠷᠡᠩ ᠬᠤᠪᠴᠠᠰᠤ ᠪᠠᠶᠢᠨ᠎ᠠ ᠰᠢᠤ ᠳ᠋ᠣᠣ | ᠡᠬᠡᠴᠢ ᠶᠢᠨ ᠮᠢᠨᠢ ᠦᠭᠭᠦᠭᠰᠡᠨ ᠬᠠᠶᠢᠷ᠎ᠠ ᠪᠠᠶᠢᠨ᠎ᠠ ᠰᠢᠤ ᠳ᠋ᠣᠣ | ᠬᠤᠷᠢᠨ ᠯᠠᠩ ᠤᠨ ᠮᠦᠩᠭᠦᠨ ᠪᠠᠭᠤᠤ ᠬᠤᠶᠠᠷ ᠯᠠ ᠪᠠᠶᠢᠨ᠎ᠠ ᠰᠢᠤ ᠳ᠋ᠣᠣ | ᠬᠦᠷᠡᠩ ᠲᠤᠷᠭᠠᠨ ᠴᠠᠮᠴᠠ ᠯᠠ ᠪᠠᠶᠢᠨ᠎ᠠ ᠰᠢᠤ ᠳ᠋ᠣᠣ | ᠬᠦᠷᠬᠡᠨ ᠠᠬ᠎ᠠ ᠶᠢᠨ ᠬᠠᠶᠢᠷ᠎ᠠ ᠯᠠ ᠪᠠᠶᠢᠨ᠎ᠠ ᠰᠢᠤ ᠳ᠋ᠣᠣ | ᠬᠦᠷᠡᠩ ᠵᠡᠬᠡᠷᠳᠡ ᠮᠤᠷᠢ ᠯᠠ ᠪᠠᠶᠢᠨ᠎ᠠ ᠰᠢᠤ ᠳ᠋ᠣᠣ | ᠬᠦᠷᠬᠡᠬᠡᠳ ᠶᠠᠪᠤᠬᠤ ᠶᠢᠨ ᠪᠡᠯᠡᠭ ᠪᠠᠶᠢᠨ᠎ᠠ ᠰᠢᠤ ᠳ᠋ᠣᠣ | ᠰᠢᠵᠢᠷ ᠠᠯᠳᠠᠨ ᠭᠠᠨᠵᠢᠷ᠎ᠠ ᠯᠠ ᠪᠠᠶᠢᠨ᠎ᠠ ᠰᠢᠤ ᠳ᠋ᠣᠣ | ᠰᠢᠨ᠎ᠡ ᠰᠦᠮ᠎ᠡ ᠳᠡᠭᠡᠨ ᠵᠢᠮᠰᠡᠭ ᠪᠠᠶᠢᠨ᠎ᠠ ᠰᠢᠤ ᠳ᠋ᠣᠣ | ᠰᠢᠨᠵᠢ ᠰᠠᠶᠢᠳᠤ ᠱᠠᠪᠷᠤᠩ ᠪᠠᠶᠢᠨ᠎ᠠ ᠰᠢᠤ ᠳ᠋ᠣᠣ | ᠰᠢᠷᠡᠬᠡᠨ ᠤ ᠭᠤᠤᠯ ᠳᠤ ᠵᠢᠮᠰᠡᠭ ᠪᠠᠶᠢᠨ᠎ᠠ ᠰᠢᠤ ᠳ᠋ᠣᠣ | | | ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾ ᠠᠴᠠ ᠰᠡᠶᠢᠷᠡᠬᠦᠯᠪᠡ | | | | | | | | | | | | | | | | | | |