ᠮᠦᠩᠬᠡᠪᠠᠶᠠᠷ
ᠨᠡᠶᠢᠲᠡᠯᠡᠭᠰᠡᠨ ᠴᠠᠭ᠄
2023/2/15
ᠠᠯᠳᠠ ᠲᠠᠢ ᠴᠤ ᠪᠤᠯᠤᠶ᠎ᠠ ᠬᠦᠨ ᠠᠯᠳᠠ ᠪᠠᠨ ᠦᠭᠬᠦᠬᠡᠳ ᠰᠠᠭᠤᠶ᠎ᠠ ᠳ᠋ᠣᠣ ᠠᠯᠳᠠ ᠴᠤ ᠦᠬᠡᠢ ᠮᠦᠩᠬᠡᠪᠠᠶᠠᠷ ᠠᠰᠬᠠᠷᠠᠭᠤᠯᠤᠭᠠᠳ ᠮᠤᠷᠳᠠᠯ᠎ᠠ ᠳ᠋ᠣᠣ    ᠰᠦᠨᠢ ᠶᠢᠨ ᠢᠶᠠᠨ ᠵᠡᠬᠦᠳᠦᠨ ᠳᠤ    ᠬᠡᠷ ᠲᠡᠭᠡᠨ ᠰᠢᠭ ᠪᠠᠶᠢᠨ᠎ᠠ    ᠦᠦᠷ ᠢᠶᠠᠷ ᠪᠤᠰᠤᠭᠠᠳ ᠬᠠᠷᠠᠬᠤᠯ᠎ᠠ    ᠬᠠᠯᠳᠠᠷ ᠤᠨ ᠢᠶᠠᠨ ᠬᠦᠷᠢᠶᠡᠨ ᠳᠤ ᠠᠩᠬᠠᠨ ᠬᠦᠦ ᠯᠠ ᠮᠢᠨᠢ ᠠᠷᠪᠠᠨ ᠵᠢᠷᠭᠤᠭᠠᠳᠠᠢ ᠠᠰᠬᠠᠷᠠᠭᠤᠯᠤᠭᠠᠳ ᠮᠡᠯᠮᠡᠷᠡᠬᠦᠯᠦᠬᠡᠳ ᠠᠪᠤ ᠪᠠᠨ ᠠᠰᠠᠭᠤᠯᠬᠦᠢ ᠳ᠋ᠣᠣ     ᠡᠪᠦᠯ ᠤᠨ ᠬᠦᠢᠳᠡᠨ ᠪᠠᠶᠢᠨ᠎ᠠ     ᠦᠷᠬᠡᠨ ᠶᠡᠭᠡ ᠴᠠᠰᠤ ᠲᠠᠢ ᠳ᠋ᠣᠣ     ᠦᠨᠦᠴᠢᠨ ᠪᠠᠭ᠎ᠠ ᠶᠢᠨ ᠮᠦᠩᠬᠡᠪᠠᠶᠠᠷ     ᠤᠶᠠᠷᠠᠭᠠᠳ ᠮᠤᠷᠳᠠᠯ᠎ᠠ ᠳ᠋ᠣᠣ ᠦᠳᠡᠰᠢ ᠶᠢᠨ ᠢᠶᠠᠨ ᠵᠡᠬᠦᠳᠦᠨ ᠳᠤ ᠦᠪᠡᠷ ᠤᠨ ᠢᠶᠠᠨ ᠬᠡᠷ ᠲᠡᠭᠡᠨ ᠪᠠᠶᠢᠨ᠎ᠠ ᠦᠷᠯᠦᠬᠡ ᠪᠤᠰᠤᠭᠠᠳ ᠬᠠᠷᠠᠬᠤᠯ᠎ᠠ ᠬᠠᠯᠳᠠᠷ ᠤᠨ ᠢᠶᠠᠨ ᠬᠦᠷᠢᠶᠡᠨ ᠳᠤ     ᠮᠦᠩᠬᠦᠯᠡᠵᠦ ᠵᠤᠳᠤᠭᠰᠠᠨ     ᠮᠦᠩᠭᠦᠨ ᠠᠶᠠᠭ᠎ᠠ ᠮᠢᠨᠢ     ᠮᠦᠮᠦ ᠳᠤ ᠮᠢᠨᠢ     ᠠᠮᠤᠷ ᠢ ᠨᠢ ᠠᠰᠠᠭᠤᠵᠤ ᠦᠭ︽ᠤᠷᠳᠤᠰ ᠠᠷᠠᠳ ᠤᠨ ᠲᠠᠭᠤᠤ᠂ ᠡᠵᠡᠨ ᠬᠤᠷᠤᠭ᠎ᠠ ᠬᠤᠰᠢᠭᠤᠨ ᠤ ᠪᠤᠳᠢ︾᠎ ᠠᠴᠠ ᠰᠡᠶᠢᠷᠡᠬᠦᠯᠪᠡ
ᠢᠷᠡᠯᠲᠡ᠄ ᠡᠵᠡᠨ ᠬᠤᠷᠤᠭ᠎ᠠ ᠬᠤᠰᠢᠭᠤᠨ ᠤ ᠵᠠᠰᠠᠭ ᠤᠨ ᠤᠷᠳᠤᠨ