ᠲᠤ᠋᠂ ᠠᠷᠪᠢᠨᠪᠠᠶᠠᠷ | | ᠤᠷᠳᠤ ᠶᠢᠨ ᠬᠡᠮᠵᠢᠶᠡᠨ ᠳᠤ ᠢᠵᠠᠭᠤᠷ ᠲᠡᠬᠡᠳᠦ ᠦᠶ᠎ᠡ ᠠᠴᠠ ᠵᠠᠩᠰᠢᠨ ᠢᠷᠡᠭᠰᠡᠨ ᠪᠡᠶ᠎ᠡ ᠶᠢᠨ ᠡᠷᠬᠡᠳᠡᠨ ᠵᠢᠴᠢ ᠲᠡᠬᠦᠨ ᠤ ᠬᠦᠳᠡᠯᠬᠡᠬᠡᠨ ᠤ ᠵᠠᠢ ᠪᠠᠷ | ᠬᠡᠮᠵᠢᠳᠡᠭ ᠠᠷᠭ᠎ᠠ ᠲᠦᠬᠡᠮᠡᠯ ᠪᠤᠯᠪᠠᠴᠤ ᠬᠤᠶᠢᠴᠢ ᠶᠢᠨ ᠦᠶ᠎ᠡ ᠳᠤ ᠮᠦᠨ ᠬᠡᠮᠵᠢᠬᠦᠷ ᠤᠨ ᠲᠤᠰᠬᠠᠢ ᠪᠠᠭᠠᠵᠢ ᠬᠡᠷᠡᠭᠯᠡᠬᠦᠷ ᠪᠤᠯᠤᠭᠰᠠᠨ ᠪᠠᠶᠢᠨ᠎ᠠ᠃ ᠪᠡᠶ᠎ᠡ ᠶᠢᠨ ᠡᠷᠬᠡᠳᠡᠨ | ᠳᠤ ᠬᠤᠯᠪᠤᠭᠳᠠᠬᠤ ᠬᠡᠮᠵᠢᠬᠦᠷ ᠤᠨ ᠵᠦᠢᠯ ᠳᠤ ᠠᠯᠬᠤᠮ᠂ ᠠᠯᠴᠠᠮ᠂ ᠡᠷᠡᠬᠡᠢ᠂ ᠡᠷᠡᠬᠡᠢ ᠤᠷᠢᠶᠠᠮ᠎ᠠ᠂ ᠪᠠᠷᠢᠮ᠎ᠠ᠂ ᠬᠤᠤᠰ ᠠᠯᠳᠠ᠂ ᠬᠤᠷᠤᠭᠤ᠂ ᠭᠠᠵᠠᠷ᠂ ᠰᠦᠬᠦᠮ᠂ | ᠲᠤᠯᠤᠭᠠᠢ ᠤᠷᠢᠶᠠᠮ᠎ᠠ᠂ ᠲᠦᠬᠡ᠂ ᠲᠠᠯᠢᠮ ᠵᠡᠷᠬᠡ ᠬᠡᠮᠵᠢᠬᠦᠷ ᠨᠢ ᠨᠡᠶᠢᠳᠡᠮ ᠬᠡᠷᠡᠭᠯᠡᠳᠡᠭ ᠪᠠᠶᠢᠨ᠎ᠠ᠃ | ᠲᠤᠰᠬᠠᠢ ᠬᠡᠮᠵᠢᠬᠦᠷ ᠤᠨ ᠵᠦᠢᠯ ᠳᠤ ᠢᠮᠠᠬᠤ᠂ ᠲᠤᠬᠤᠢ᠂ ᠬᠤᠤᠰ ᠠᠯᠳᠠ᠂ ᠵᠠᠩ ᠵᠡᠷᠬᠡ ᠶᠢ ᠬᠡᠷᠡᠭᠯᠡᠳᠡᠭ ᠶᠤᠮ᠃ ᠢᠮᠠᠬᠤ᠄ ᠲᠤᠯᠤᠪᠤᠷ ᠬᠤᠷᠤᠭᠤᠨ ᠤ | ᠨᠢᠬᠡᠳᠦᠭᠡᠷ ᠦᠶ᠎ᠡ ᠠᠴᠠ ᠬᠤᠷᠤᠭᠠᠨ ᠦᠵᠦᠬᠦᠷ ᠬᠦᠷᠳᠡᠯᠡᠬᠢ ᠵᠠᠢ ᠶᠢ ︵ᠪᠠᠷᠤᠭ︶ ᠰᠡᠨᠲ᠋ᠢᠮᠧᠲᠷ ᠡᠨᠡᠬᠦ ᠬᠡᠮᠵᠢᠬᠦᠷ ᠢ ᠤᠯᠠᠩᠭᠢ ᠳᠠᠭᠠᠨ ᠪᠦᠰᠡᠬᠦᠶᠢᠴᠤᠳ ᠬᠤᠪᠴᠠᠰᠤ | ᠬᠤᠨᠠᠷ ᠡᠰᠬᠡᠬᠦ ᠤᠷᠠᠨ ᠦᠢᠯᠡ ᠳᠤ ᠬᠡᠷᠡᠭᠯᠡᠳᠡᠭ ᠪᠠᠶᠢᠨ᠎ᠠ᠃ ᠡᠷᠡᠬᠡᠢ ᠤᠷᠢᠶᠠᠮ᠎ᠠ ᠡᠷᠡᠬᠡᠢ ᠬᠤᠷᠤᠭᠤ ᠨᠢᠬᠡ ᠤᠷᠢᠶᠠᠵᠤ ᠬᠦᠢᠴᠡᠮᠡ ᠤᠷᠳᠤ ᠵᠠᠢ ︵ᠪᠠᠷᠤᠭ 8 | ᠰᠡᠨᠲ᠋ᠢᠮᠧᠲᠷ︶ ᠪᠠᠶᠢᠳᠠᠭ᠃ ᠬᠤᠷᠤᠭᠤ᠄ ᠭᠠᠷ ᠤᠨ ᠬᠤᠷᠤᠭᠤᠨ ᠤ ᠦᠵᠦᠬᠦᠷ ᠤᠨ ᠦᠷᠬᠡᠨ ᠤ ᠬᠡᠮᠵᠢᠶ᠎ᠡ ︵1.6 ᠰᠡᠨᠲ᠋ᠢᠮᠧᠲᠷ︶ ᠪᠠᠶᠢᠳᠠᠭ᠂ ᠪᠠᠷᠢᠮ᠎ᠠ᠄ ᠨᠠᠷᠢᠨ | ᠤᠷᠳᠤ ᠵᠦᠢᠯ ᠢ ᠠᠳᠬᠤᠬᠤ ᠳᠤ ᠭᠠᠷ ᠤᠨ ᠠᠯᠠᠭᠠᠨ ᠳᠤ ᠪᠠᠭᠳᠠᠭᠰᠠᠨ ᠤᠷᠳᠤ ᠶᠢᠨ ᠬᠡᠮᠵᠢᠶ᠎ᠡ ︵ᠪᠠᠷᠤᠭ 11-12 ᠰᠡᠨᠲ᠋ᠢᠮᠧᠲᠷ︶ ᠪᠠᠶᠢᠳᠠᠭ᠂ ᠮᠤᠬᠤᠷ ᠰᠦᠬᠦᠮ᠄ | ᠡᠷᠡᠬᠡᠢ ᠬᠤᠷᠤᠭᠤ ᠪᠤᠯᠤᠨ ᠲᠤᠯᠤᠪᠤᠷ ᠬᠤᠷᠤᠭᠤᠨ ᠤ ᠲᠤᠮᠳᠠ ᠦᠶ᠎ᠡ ᠬᠤᠶᠠᠷ ᠤᠨ ᠬᠤᠭᠤᠷᠤᠨᠳᠡᠬᠢ ᠰᠤᠩᠭᠠᠭᠰᠠᠨ ᠵᠠᠢ᠃ ᠦᠵᠦᠬᠦᠷ ᠰᠦᠬᠦᠮ᠄ ᠡᠷᠡᠬᠡᠢ ᠬᠤᠷᠤᠭᠤ᠂ | ᠲᠤᠯᠤᠪᠤᠷ ᠬᠤᠷᠤᠭᠤ ᠶᠢ ᠲᠠᠯᠠᠵᠤ ᠰᠤᠩᠭᠠᠭᠰᠠᠨ ᠤ ᠬᠤᠶᠢᠨ᠎ᠠ ᠡᠷᠡᠬᠡᠢ ᠬᠤᠷᠤᠭᠤᠨ ᠦᠵᠦᠬᠦᠷ ᠠᠴᠠ ᠲᠤᠯᠤᠪᠤᠷ ᠬᠤᠷᠤᠭᠤᠨ ᠤ ᠦᠵᠦᠬᠦᠷ ᠬᠦᠷᠬᠦ ᠵᠠᠢ᠃ ᠲᠤᠮᠳᠠ | ᠬᠤᠷᠤᠭᠤᠨ ᠤ ᠦᠵᠦᠬᠦᠷ ᠪᠠ ᠡᠷᠡᠬᠡᠢ ᠬᠤᠷᠤᠭᠤᠨ ᠤ ᠦᠵᠦᠬᠦᠷ ᠬᠤᠶᠠᠷ ᠤᠨ ᠬᠤᠭᠤᠷᠤᠨᠳᠡᠬᠢ ᠵᠠᠢ᠃ ᠨᠢᠬᠡ ᠲᠦᠬᠡ ᠨᠢ ᠵᠢᠷᠭᠤᠭᠠᠨ ᠢᠮᠠᠬᠤ ᠪᠠᠶᠢᠳᠠᠭ᠃ | ᠲᠦᠬᠡᠯᠡᠬᠦᠷ ᠬᠡᠵᠦ ᠲᠦᠬᠡ ᠪᠠᠷ ᠬᠡᠮᠵᠢᠵᠦ ᠲᠦᠬᠡᠯᠡᠬᠦ ᠶᠢ ᠵᠢᠭᠠᠬᠤ ᠶᠢᠨ ᠵᠡᠷᠬᠡ ᠳᠤ ᠲᠠᠪᠤᠨ ᠲᠤᠬᠤᠢ ᠤᠷᠳᠤ ᠵᠠᠢ ᠮᠦᠨ ᠨᠢᠬᠡ ᠲᠦᠬᠡᠯᠡᠬᠦᠷ ᠬᠡᠳᠡᠭ ᠶᠤᠮ᠃ | ᠲᠤᠬᠤᠢ᠄ ᠲᠤᠬᠤᠢ ᠶᠢᠨ ᠦᠶ᠎ᠡ ᠠᠴᠠ ᠲᠤᠭᠤᠭᠰᠢᠬᠢ ᠬᠡᠰᠡᠭ ᠤᠨ ᠤᠷᠳᠤ᠃ ᠮᠤᠬᠤᠷ ᠲᠤᠬᠤᠢ᠄ ᠲᠤᠬᠤᠢ ᠶᠢᠨ ᠦᠶ᠎ᠡ ᠠᠴᠠ ᠠᠳᠬᠤᠭᠰᠠᠨ ᠭᠠᠷ ᠤᠨ ᠲᠤᠮᠳᠠ | ᠬᠤᠷᠤᠭᠤᠨ ᠤ ᠦᠶ᠎ᠡ ᠬᠦᠷᠳᠡᠯᠡᠬᠢ ᠵᠠᠢ᠃ ᠦᠵᠦᠬᠦᠷ ᠲᠤᠬᠤᠢ ᠪᠠᠷ ᠬᠡᠮᠵᠢᠬᠦ ᠳᠤ ᠭᠠᠷ ᠤᠨ ᠠᠯᠠᠭ᠎ᠠ ᠪᠠᠨ ᠲᠡᠯᠬᠡᠳᠡᠭ᠂ ᠬᠠᠷᠢᠨ ᠮᠤᠬᠤᠷ ᠲᠤᠬᠤᠢ ᠪᠠᠷ ᠬᠡᠮᠵᠢᠬᠦ ᠳᠤ | ᠭᠠᠷ ᠢᠶᠠᠨ ᠠᠳᠬᠤᠳᠠᠭ ᠶᠤᠮ᠃ ︵ᠪᠠᠷᠤᠭ 12 ᠢᠮᠠᠬᠤ︶ ᠪᠠᠶᠢᠳᠠᠭ᠂ ᠦᠵᠦᠬᠦᠷ ᠲᠤᠬᠤᠢ᠄ ᠭᠠᠷ ᠤᠨ ᠴᠠᠷᠪᠠᠭᠤ ᠶᠢ ᠲᠡᠨᠡᠶᠢᠯᠭᠡᠭᠰᠡᠨ ᠤ ᠬᠤᠶᠢᠨ᠎ᠠ ᠲᠤᠬᠤᠢ ᠶᠢᠨ | ᠦᠶ᠎ᠡ ᠠᠴᠠ ᠬᠤᠷᠤᠭᠤᠨ ᠤ ᠦᠵᠦᠬᠦᠷ ᠬᠦᠷᠳᠡᠯᠡᠬᠢ ᠵᠠᠢ᠃ ᠦᠵᠦᠬᠦᠷ ᠲᠤᠬᠤᠢ ᠪᠠᠷᠤᠭ ︵14 ᠢᠮᠠᠬᠤ︶ ᠪᠠᠶᠢᠳᠠᠭ᠂ ᠲᠠᠯᠢᠮ᠄ ᠲᠠᠨᠠᠶᠢᠳᠠᠯᠡ ᠵᠢᠬᠡᠯᠡᠭᠰᠡᠨ ᠭᠠᠷ | ᠤᠨ ᠲᠤᠮᠳᠠ ᠬᠤᠷᠤᠭᠤᠨ ᠤ ᠦᠵᠦᠬᠦᠷ ᠠᠴᠠ ᠡᠪᠴᠢᠬᠦᠨ ᠤ ᠭᠤᠤᠯ ᠬᠦᠷᠬᠦ ᠵᠠᠢ ︵ᠪᠠᠷᠤᠭ 85 ᠰᠡᠨᠲ᠋ᠢᠮᠧᠲᠷ︶ ᠪᠠᠶᠢᠳᠠᠭ᠃ | ᠠᠯᠬᠤᠮ᠄ ᠬᠦᠮᠦᠨ ᠲᠡᠭᠰᠢ ᠭᠠᠵᠠᠷ ᠤᠨ ᠭᠠᠳᠠᠷᠭᠤ ᠲᠡᠬᠡᠷ᠎ᠡ ᠨᠢᠬᠡ ᠠᠯᠬᠤᠬᠤ ᠵᠠᠢ ︵60-65 ᠰᠡᠨᠲ᠋ᠢᠮᠧᠲᠷ︶ ᠪᠠᠶᠢᠳᠠᠭ᠃ ᠠᠯᠴᠠᠮ᠄ ᠬᠦᠮᠦᠨ | ᠦᠷᠦᠬᠡᠰᠦᠨ ᠬᠦᠯ ᠢᠶᠠᠨ ᠤᠷᠤᠭᠰᠢ ᠰᠤᠨᠤᠮ᠎ᠠ ᠬᠢᠰᠬᠡᠬᠦ ᠨᠢᠬᠡᠪᠦᠷᠢ ᠶᠢᠨ ᠵᠠᠢ᠃ ᠠᠯᠳᠠ᠄ ᠬᠤᠶᠠᠷ ᠭᠠᠷ ᠢᠶᠠᠨ ᠭᠠᠳᠠᠭᠰᠢ ᠲᠡᠭᠰᠢ ᠰᠤᠩᠭᠠᠭᠰᠠᠨ ᠦᠶ᠎ᠡ ᠶᠢᠨ ᠬᠤᠶᠠᠷ | ᠲᠤᠮᠳᠠ ᠬᠤᠷᠤᠭᠤᠨ ᠤ ᠦᠵᠦᠬᠦᠷ ᠤᠨ ᠬᠤᠭᠤᠷᠤᠨᠳᠤᠬᠢ ᠵᠠᠢ᠃ | ᠭᠠᠵᠠᠷ ᠬᠡᠬᠦ ᠬᠡᠮᠵᠢᠬᠦᠷ ᠮᠤᠩᠭᠤᠯ ᠬᠡᠯᠡᠨ ᠳᠤ ᠦᠷᠬᠡᠨ᠂ ᠢᠪᠴᠤᠤ ᠤᠳᠬ᠎ᠠ ᠶᠢᠨ ᠢᠯᠭᠠᠭ᠎ᠠ ᠲᠠᠢ ᠪᠠᠷ ᠬᠡᠷᠡᠭᠯᠡᠭᠳᠡᠳᠡᠭ ᠪᠠᠶᠢᠨ᠎ᠠ᠃ ᠦᠷᠬᠡᠨ ᠤᠳᠬ᠎ᠠ ᠨᠢ | ᠦᠵᠡᠬᠦ ᠳᠤ ᠨᠤᠳᠤᠭ ᠪᠡᠯᠴᠢᠬᠡᠷ᠂ ᠤᠷᠤᠨ ᠰᠠᠭᠤᠴᠠ ᠪᠠᠶᠢᠴᠠ ᠶᠢ ᠵᠢᠠᠭᠠᠬᠤ᠂ ᠦᠷᠳᠡᠭᠡ ᠶᠢᠨ ᠭᠠᠵᠠᠷ᠂ ᠪᠢᠯᠠᠭᠤ ᠰᠢᠳᠡᠮ᠎ᠡ ᠭᠠᠵᠠᠷ᠂ ᠬᠡᠬᠦᠴᠢᠯᠡᠨ ᠲᠤᠬᠠᠢ ᠶᠢᠨ | ᠪᠤᠳᠠᠰ᠂ ᠦᠢᠯᠡ ᠶᠢᠨ ᠬᠦᠷᠬᠦ᠂ ᠪᠤᠯᠬᠤ ᠬᠡᠮᠵᠢᠶ᠎ᠡ ᠪᠦᠬᠦᠢ ᠨᠤᠳᠤᠭ ᠲᠡᠪᠢᠰᠬᠡᠷ ᠤᠨ ᠬᠡᠮᠵᠢᠶ᠎ᠡ ᠶᠢ ᠵᠢᠭᠠᠳᠠᠭ ᠶᠤᠮ᠃ ᠢᠪᠴᠤᠤ ᠤᠳᠬ᠎ᠠ ᠪᠠᠷ ᠵᠠᠭᠤᠨ ᠵᠢᠷᠠᠨ ᠠᠯᠳᠠ | ᠶᠢ ᠨᠢᠬᠡ ᠭᠠᠵᠠᠷ ᠬᠡᠳᠡᠭ᠃ ᠭᠠᠵᠠᠷ ᠢᠶᠠᠷ ᠭᠤᠤᠯᠳᠠᠭᠤ ᠨᠤᠳᠤᠭ ᠲᠡᠪᠢᠰᠬᠡᠷ᠂ ᠵᠠᠮ ᠵᠡᠬᠡᠯᠢ ᠶᠢᠨ ᠤᠷᠳᠤ ᠶᠢ ᠬᠡᠮᠵᠢᠳᠡᠭ ᠪᠤᠯᠪᠠᠴᠤ ᠤᠨᠴᠠ ᠤᠷᠳᠤ ᠶᠢᠨ ᠬᠡᠮᠵᠢᠶ᠎ᠡ | ᠪᠦᠬᠦᠢ ᠲᠡᠬᠡᠰᠦ ᠰᠢᠨᠳᠠᠰᠤᠨ ᠤ ᠵᠦᠢᠯ ᠢ ᠬᠡᠮᠵᠢᠳᠡᠭ ᠶᠤᠮ᠃ | ᠬᠤᠯᠠ ᠤᠶᠢᠷ᠎ᠠ ᠶᠢᠨ ᠬᠡᠮᠵᠢᠶ᠎ᠡ | ᠡᠬᠦᠳᠡᠨ ᠬᠤᠶᠢᠮᠦᠷ᠄ ᠮᠤᠩᠭᠤᠯ ᠬᠡᠷ ᠤᠨ ᠡᠬᠦᠳᠡ ᠠᠴᠠ ᠡᠭᠴᠡ ᠡᠰᠡᠷᠬᠦ ᠬᠠᠨ᠎ᠠ ᠬᠦᠷᠬᠦ ᠵᠠᠢ ᠶᠢ ᠬᠡᠯᠡᠳᠡᠭ᠃ ᠴᠤᠯᠪᠤᠭᠤᠷ ᠬᠦᠷᠦᠮ᠎ᠡ ᠵᠠᠢ᠂ ᠨᠤᠭᠳᠤ ᠶᠢᠨ | ᠴᠤᠯᠪᠤᠭᠤᠷ ᠢ ᠰᠤᠩᠭᠠᠭᠰᠠᠨ ᠤ ᠬᠢᠷᠢ ᠵᠠᠢ᠂ ᠠᠯᠳᠠ ᠬᠠᠭᠠᠰ ᠤᠨ ᠬᠢᠷᠢ ᠤᠷᠳᠤ ᠵᠠᠢ ᠶᠢ ᠴᠤᠯᠪᠤᠭᠤᠷ ᠬᠦᠷᠦᠮ᠎ᠡ ᠵᠠᠢ ᠬᠡᠳᠡᠭ᠃ ᠵᠠᠯᠠᠨ ᠤ ᠬᠢᠷᠢ ᠤᠨᠤᠭ᠎ᠠ ᠮᠤᠷᠢ | ᠤᠶᠠᠬᠤ᠂ ᠲᠤᠭᠤᠯ ᠪᠢᠷᠠᠭᠤ ᠲᠠᠳᠠᠬᠤ ᠳᠤ ᠬᠡᠷᠡᠭᠯᠡᠳᠡᠭ ᠵᠡᠯ᠎ᠡ ᠶᠢᠨ ᠲᠡᠬᠡᠰᠦᠨ ᠤ ᠬᠡᠮᠵᠢᠶ᠎ᠡ ᠪᠠᠷ ᠵᠢᠱᠢᠨ ᠬᠡᠮᠵᠢᠳᠡᠭ ᠤᠷᠳᠤ ᠶᠢᠨ ᠬᠡᠮᠵᠢᠶ᠎ᠡ ︵6-10 ᠮᠧᠲᠷ | ᠪᠠᠶᠢᠳᠠᠭ ︶ ᠪᠢᠯᠠᠭᠤ ᠰᠢᠳᠡᠮ᠎ᠡ ᠭᠠᠵᠠᠷ᠂ ᠮᠤᠩᠭᠤᠯᠴᠤᠳ ᠠᠪᠠ ᠬᠦᠷᠦᠬᠡ ᠬᠢᠬᠦ ᠳᠤ ᠬᠡᠬᠡᠷ᠎ᠡ ᠬᠦᠳᠡᠭᠡ ᠶᠠᠪᠤᠬᠤ ᠳᠠᠭᠠᠨ ᠦᠵᠦᠬᠦᠷ ᠲᠡᠭᠡᠨ ᠵᠡᠰ ᠭᠠᠤᠯᠢ ᠪᠠᠷ | ᠬᠢᠭᠰᠡᠨ ᠲᠡᠬᠦᠵᠢᠩ ᠮᠡᠬᠡᠷ ᠦᠵᠦᠬᠦᠷ ᠲᠠᠢ ᠰᠢᠳᠡᠮ ᠠᠪᠴᠤ ᠶᠠᠪᠤᠳᠠᠭ᠃ ᠡᠨᠡᠬᠦ ᠰᠢᠳᠡᠮ ᠢ ᠪᠢᠯᠠᠭᠤ ᠬᠡᠳᠡᠭ ᠶᠤᠮ᠃ ᠠᠷᠭᠠᠮᠵᠢᠶ᠎ᠠ ᠶᠢᠨ ᠭᠠᠵᠠᠷ᠄ ᠮᠤᠩᠭᠤᠯᠴᠤᠳ | ᠠᠳᠤᠭᠤ ᠮᠠᠯ ᠢᠶᠠᠨ ᠠᠷᠭᠠᠮᠵᠢᠯᠠᠨ ᠠᠷᠠᠴᠢᠯᠠᠬᠤ ᠳᠠᠭᠠᠨ ᠶᠡᠷᠦ ᠳᠡᠭᠡᠨ ᠬᠡᠷ ᠤᠷᠤᠨ ᠠᠴᠠ ᠤᠶᠢᠷ᠎ᠠ ᠨᠢᠳᠦᠨ ᠬᠠᠷᠠᠭᠠᠨ ᠤ ᠭᠠᠵᠠᠷ ᠠᠷᠭᠠᠮᠵᠢᠯᠠᠳᠠᠭ ᠪᠠᠶᠢᠨ᠎ᠠ᠃ | ᠠᠷᠭᠠᠮᠵᠢᠶ᠎ᠠ ᠶᠢᠨ ᠭᠠᠵᠠᠷ ︵6-15︶ ᠬᠤᠤᠰ ᠠᠯᠳᠠ ᠵᠠᠶᠢᠳᠠᠢ ᠪᠠᠶᠢᠳᠠᠭ᠃ | ᠨᠤᠮᠤᠨ ᠭᠠᠵᠠᠷ᠄ ᠨᠤᠮ ᠰᠤᠮᠤ ᠪᠠᠷ ᠨᠢᠬᠡ ᠬᠠᠷᠪᠤᠭᠠᠳ ᠬᠦᠷᠬᠦ ᠭᠠᠵᠠᠷ᠃ ᠴᠢᠯᠠᠭᠤ ᠴᠤᠬᠢᠮᠠ ᠭᠠᠵᠠᠷ᠄ ᠬᠦᠮᠦᠰ ᠬᠠᠳᠠ ᠴᠢᠯᠠᠭᠤ ᠰᠢᠳᠡᠬᠡᠳ ᠬᠦᠷᠬᠦ ᠭᠠᠵᠠᠷ | ᠃ ︵9-15 ᠬᠤᠤᠰ ᠠᠯᠳᠠ︶ ᠲᠠᠭᠤᠨ ᠤ ᠭᠠᠵᠠᠷ᠄ ᠬᠤᠯᠠ ᠪᠠᠶᠢᠭ᠎ᠠ ᠬᠤᠶᠠᠷ ᠬᠦᠮᠦᠨ ᠲᠠᠭᠤ ᠲᠠᠭᠤ ᠪᠠᠨ ᠠᠪᠤᠯᠴᠠᠵᠤ ᠲᠠᠶᠢᠯᠬᠦ ᠵᠠᠢ᠃ ᠲᠠᠭᠤᠨ ᠤ ᠭᠠᠵᠠᠷ | ᠪᠠᠷᠤᠭ ᠬᠤᠶᠠᠷ ᠭᠠᠵᠠᠷ ᠵᠠᠶᠢᠳᠠᠢ ᠪᠠᠶᠢᠳᠠᠭ᠃ | ᠲᠤᠭᠤᠯ ᠤᠨ ᠪᠡᠯᠴᠢᠬᠡᠷ᠄ ᠬᠤᠳᠠ ᠤᠶᠢᠷᠠᠯᠴᠠᠭ᠎ᠠ ᠬᠤᠯᠠ ᠪᠢᠰᠢ ᠵᠠᠢ᠂ ᠬᠤᠶᠠᠷ ᠭᠠᠵᠠᠷ ᠤᠨ ᠵᠠᠢ ᠶᠢ ᠵᠢᠭᠠᠳᠠᠭ ᠪᠠᠶᠢᠨ᠎ᠠ᠃ | ᠰᠠᠭᠠᠬᠠᠯᠳᠠ ᠶᠢᠨ ᠭᠠᠵᠠᠷ᠄ ᠨᠡᠬᠦᠳᠡᠯᠴᠢᠨ ᠮᠠᠯᠴᠢᠳ ᠠᠶᠢᠯ ᠬᠦᠷᠰᠢ ᠰᠠᠭᠤᠬᠤ ᠳᠤ ᠬᠠᠶᠠᠭ᠎ᠠ ᠲᠠᠷᠤᠵᠤ ᠰᠠᠭᠤᠬᠤ ᠨᠢ ᠴᠦᠬᠡᠨ᠂ ᠠᠶᠢᠯ ᠬᠡᠷ ᠬᠤᠭᠤᠷᠤᠨᠳᠤ | ᠪᠠᠨ ᠵᠤᠬᠢᠬᠤ ᠵᠠᠶᠢᠳᠠᠢ ᠪᠠᠶᠢᠳᠠᠭ᠃ ︵ᠬᠤᠶᠠᠷ ᠭᠠᠵᠠᠷ ᠬᠢᠷᠢᠳᠠᠢ ᠪᠠᠶᠢᠳᠠᠭ︶ ᠬᠤᠨᠢᠨ ᠪᠡᠯᠴᠢᠬᠡᠷ᠄ ᠠᠳᠤᠭᠤ ᠮᠠᠯ ᠢᠶᠠᠨ ᠪᠡᠯᠴᠢᠬᠡᠷᠯᠡᠬᠦᠯᠬᠦ ᠳᠤ ᠬᠤᠯᠠ ᠤᠶᠢᠷ᠎ᠠ ᠶᠢᠨ | ᠬᠡᠮᠵᠢᠶ᠎ᠡ ᠠᠳᠠᠯᠢ ᠪᠤᠰᠤ ᠪᠠᠶᠢᠳᠠᠭ᠃ ︵2- 5 ᠭᠠᠵᠠᠷ ᠤᠨ ᠵᠠᠢ ᠶᠢ ᠵᠢᠭᠠᠵᠤ ᠪᠠᠶᠢᠳᠠᠭ︶ ᠠᠳᠤᠭᠤᠨ ᠪᠡᠯᠴᠢᠬᠡᠷ᠄ ᠠᠳᠤᠭᠤ ᠪᠡᠯᠴᠢᠬᠦ ᠭᠠᠵᠠᠷ ︵8-20 ᠭᠠᠵᠠᠷ | ᠤᠨ ᠵᠠᠢ ᠶᠢ ᠵᠢᠭᠠᠳᠠᠭ ᠪᠠᠶᠢᠨ᠎ᠠ︶ | ᠨᠢᠬᠡ ᠦᠨᠳᠡᠶᠢᠮᠡ ᠭᠠᠵᠠᠷ᠄ ᠮᠤᠷᠢᠳᠠᠢ ᠬᠦᠮᠦᠨ ᠤᠨᠤᠭ᠎ᠠ ᠮᠤᠷᠢ ᠪᠠᠨ ᠨᠢᠬᠡ ᠤᠳᠠᠭ᠎ᠠ ᠲᠤᠪᠳᠤᠯᠠᠬᠤ ᠳᠤ ᠬᠤᠷᠤᠭᠠᠬᠤ ᠵᠠᠮ ᠤᠨ ᠤᠷᠳᠤ ︵5-10 ᠭᠠᠵᠠᠷ | ᠤᠨ ᠵᠠᠢ ᠶᠢ ᠵᠢᠭᠠᠵᠤ ᠪᠠᠶᠢᠳᠠᠭ︶ | ᠨᠢᠳᠦᠨ ᠪᠠᠷ᠎ᠠ ᠶᠢᠨ ᠭᠠᠵᠠᠷ᠄ ᠨᠢᠳᠦᠨ ᠬᠠᠷᠠᠭᠠᠨ ᠳᠤ ᠤᠷᠤᠵᠤ ᠪᠠᠶᠢᠭ᠎ᠠ ᠬᠠᠮᠤᠭ ᠤᠨ ᠬᠤᠯᠠ ᠵᠠᠢ᠃ ᠪᠠᠷ᠎ᠠ ᠶᠢᠨ ᠭᠠᠵᠠᠷ ᠪᠠᠷᠤᠭ ᠠᠷᠪᠠᠨ ᠭᠠᠵᠠᠷ ᠤᠷᠴᠢᠮ | ᠵᠠᠶᠢᠳᠠᠢ ᠪᠠᠶᠢᠳᠠᠭ᠃ | ᠬᠠᠳᠠᠷᠢᠶ᠎ᠠ ᠶᠢᠨ ᠭᠠᠵᠠᠷ᠄ ᠮᠤᠷᠢᠳᠠᠢ ᠬᠦᠮᠦᠨ ᠨᠢᠬᠡ ᠤᠳᠠᠭ᠎ᠠ ᠰᠠᠶᠢᠨ ᠬᠠᠳᠠᠷᠢᠭᠤᠯᠬᠤ ᠳᠤ ᠬᠤᠷᠤᠭᠠᠬᠤ ᠵᠠᠢ ᠶᠢ ᠵᠢᠭᠠᠳᠠᠭ᠃ | ᠨᠡᠬᠦᠳᠡᠯ ᠤᠨ ᠭᠠᠵᠠᠷ᠄ ᠤᠳᠤᠷᠴᠢᠳ ᠤᠨ ᠨᠢᠬᠡ ᠤᠳᠠᠭ᠎ᠠ ᠡᠬᠦᠬᠦ ᠵᠠᠢ ︵ᠭᠤᠴᠢᠭᠠᠳ ᠭᠠᠵᠠᠷ ᠤᠨ ᠵᠠᠢ ᠶᠢ ᠵᠢᠭᠠᠳᠠᠭ︶ | ᠦᠷᠳᠡᠭᠡ᠄ ᠮᠤᠩᠭᠤᠯ ᠨᠤᠳᠤᠭ ᠲᠤ ᠤᠯᠭᠠ ᠦᠷᠳᠡᠭᠡ ᠪᠤᠢ ᠪᠤᠯᠤᠭᠰᠠᠨ ᠠᠴᠠ ᠬᠤᠶᠢᠰᠢ ᠭᠠᠵᠠᠷ ᠤᠨ ᠶᠠᠪᠤᠳᠠᠯ ᠪᠤᠢ ᠪᠤᠯᠵᠠᠢ᠃ ᠨᠢᠬᠡ ᠦᠷᠳᠡᠭᠡ ᠪᠠᠷᠤᠭ | 60 ᠭᠠᠵᠠᠷ ᠪᠠᠶᠢᠵᠤ᠂ ᠮᠤᠩᠭᠤᠯ ᠤᠨ ︵ᠭᠠᠵᠠᠷ︶ ᠬᠡᠳᠡᠭ ᠬᠡᠮᠵᠢᠬᠦᠷ ᠢᠶᠠᠷ ᠶᠡᠷᠦ ᠨᠢ ᠲᠠᠪᠢ ᠵᠢᠷᠠᠨ ᠭᠠᠵᠠᠷ ᠪᠠᠶᠢᠳᠠᠭ᠃ ᠡᠬᠦᠨ ᠢ ᠦᠷᠳᠡᠬᠡᠨ ᠤ ᠭᠠᠵᠠᠷ ᠬᠡᠳᠡᠭ | ᠶᠤᠮ᠃ | ᠦᠳᠡ ᠶᠢᠨ ᠭᠠᠵᠠᠷ᠄ ᠦᠳᠡᠯᠡᠬᠦ ᠪᠤᠯᠳᠠᠯ᠎ᠠ ᠶᠠᠪᠤᠬᠤ ᠵᠠᠢ᠂ ᠶᠡᠷᠦ ᠶᠢᠨ ᠪᠠᠶᠢᠳᠠᠯ ᠳᠤ ᠬᠤᠶᠠᠷ ᠦᠷᠳᠡᠭᠡ ᠤᠷᠴᠢᠮ ᠭᠠᠵᠠᠷ ᠢ ᠡᠳᠦᠷ ᠤᠨ ᠵᠠᠮ ᠬᠡᠳᠡᠭ ᠶᠤᠮ᠃ | ᠬᠠᠭᠠᠰ ᠡᠳᠦᠷ ᠤᠨ ᠭᠠᠵᠠᠷ᠂ ︵80-90 ᠭᠠᠵᠠᠷ ᠢ ᠬᠠᠭᠠᠰ ᠡᠳᠦᠷ ᠤᠨ ᠵᠠᠮ︶ ᠬᠡᠳᠡᠭ ᠪᠠᠶᠢᠨ᠎ᠠ᠃ | ᠨᠢᠬᠡ ᠪᠠᠭᠤᠳᠠᠯ ᠤᠨ ᠭᠠᠵᠠᠷ᠄ 50-60 ᠭᠠᠵᠠᠷ ᠢ ᠨᠢᠬᠡ ᠪᠠᠭᠤᠳᠠᠯ ᠤᠨ ᠭᠠᠵᠠᠷ ᠬᠡᠳᠡᠭ᠃ | ᠪᠦᠳᠦᠨ ᠡᠳᠦᠷ ᠤᠨ ᠭᠠᠵᠠᠷ᠄ 180-200 ᠭᠠᠵᠠᠷ ᠢ ᠪᠦᠳᠦᠨ ᠡᠳᠦᠷ ᠤᠨ ᠭᠠᠵᠠᠷ ᠬᠡᠳᠡᠭ ᠶᠤᠮ᠃ ᠡᠳᠦᠷ ᠤᠨ ᠵᠠᠮ᠄ ᠬᠤᠨᠤᠭ ᠤᠨ ᠭᠠᠵᠠᠷ᠄ ᠪᠦᠳᠦᠨ | ᠡᠳᠦᠷ ᠤᠨ ᠭᠠᠵᠠᠷ ᠤᠨ ᠵᠢᠠᠭᠠᠭᠰᠠᠨ ᠬᠤᠯᠠ ᠵᠠᠢ ︵240-260︶ ᠭᠠᠵᠠᠷ ᠢ ᠡᠳᠦᠷ ᠤᠨ ᠵᠠᠮ ᠬᠡᠳᠡᠭ᠃ | ᠦᠨᠳᠦᠷ ᠪᠤᠭᠤᠨᠢ ᠬᠦᠨ ᠬᠦᠢᠬᠡᠨ ᠤ ᠬᠡᠮᠵᠢᠶ᠎ᠡ ᠡᠪᠡᠰᠦᠨ ᠤ ᠰᠤᠷᠭᠤᠭ ᠤᠰᠤᠨ ᠤ ᠲᠤᠩᠭᠠᠯᠠᠭ ᠢ ᠰᠢᠯᠢᠨ ᠨᠡᠬᠦᠳᠡᠯᠯᠡᠨ ᠮᠠᠯᠵᠢᠵᠤ ᠢᠷᠡᠭᠰᠡᠨ ᠮᠤᠩᠭᠤᠯᠴᠤᠳ | ᠤᠰᠤ ᠪᠡᠯᠴᠢᠬᠡᠷ ᠤᠨ ᠤᠷᠭᠤᠴᠠ ᠶᠢᠨ ᠦᠨᠳᠦᠷ᠂ ᠤᠰᠤ ᠰᠢᠪᠡᠷ ᠤᠨ ᠬᠦᠨ ᠬᠦᠢᠬᠡᠨ ᠢ ᠬᠡᠮᠵᠢᠳᠡᠭ ᠤᠨᠴᠠᠭᠠᠢ ᠬᠡᠮᠵᠢᠬᠦᠷ ᠲᠠᠢ ᠪᠠᠶᠢᠳᠠᠭ᠃ ᠲᠡᠷᠡ ᠬᠦ᠋ ᠬᠡᠮᠵᠢᠬᠦᠷ | ᠨᠢ ᠮᠦᠨ ᠦᠪᠡᠷ ᠤᠨ ᠪᠡᠶ᠎ᠡ ᠶᠢᠨ ᠡᠷᠬᠡᠳᠡᠨ᠂ ᠡᠮᠦᠰᠬᠦ ᠡᠳ᠋ᠯᠡᠬᠦ ᠵᠦᠢᠯ᠂ ᠤᠨᠤᠭ᠎ᠠ ᠮᠤᠷᠢᠨ ᠤ ᠮᠦᠴᠢ ᠲᠠᠢ ᠵᠢᠱᠢᠶᠡᠯᠡᠨ ᠭᠠᠷᠭᠠᠭᠰᠠᠨ ᠵᠦᠢᠯ ᠪᠠᠶᠢᠳᠠᠭ᠃ ᠦᠨᠳᠦᠷ | ᠪᠤᠭᠤᠨᠢ ᠶᠢᠨ ᠬᠡᠮᠵᠢᠶ᠎ᠡ ᠨᠢ ᠤᠯᠠᠩᠭᠢ ᠳᠠᠭᠠᠨ ᠬᠦᠨ ᠬᠦᠢᠬᠡᠨ ᠤ ᠬᠡᠮᠵᠢᠶ᠎ᠡ ᠲᠠᠢ ᠠᠳᠠᠯᠢ ᠪᠠᠶᠢᠳᠠᠭ ᠪᠦᠬᠡᠳ ᠤᠨᠴᠠ ᠵᠠᠷᠢᠮ ᠦᠶ᠎ᠡ ᠳᠤ ᠤᠷᠳᠤ ᠪᠤᠭᠤᠨᠢ ᠶᠢᠨ | ᠬᠡᠮᠵᠢᠬᠦᠷ ᠲᠠᠢ ᠴᠤ ᠠᠳᠠᠯᠢ ᠪᠠᠶᠢᠳᠠᠭ ᠶᠤᠮ᠃ ᠡᠬᠦᠨ ᠳᠤ ᠤᠰᠤᠨ ᠤ ᠬᠦᠨ ᠢ ᠬᠡᠮᠵᠢᠬᠦ ᠳᠡᠭᠡᠨ ᠤᠯᠠ ᠶᠢᠨ ᠴᠢᠨᠡᠭᠡ᠂ ᠱᠠᠭ᠎ᠠ ᠴᠢᠨᠡᠭᠡ᠂ ᠬᠢᠩᠭᠠᠷ᠎ᠠ ᠴᠢᠨᠡᠭᠡ᠂ | ᠵᠤᠯᠤᠭ ᠴᠢᠨᠡᠭᠡ᠂ ᠵᠤᠯᠤᠭ ᠢᠶᠠᠷ ᠬᠠᠳᠬᠤᠬᠤ᠂ ᠲᠦᠷᠡᠢ ᠪᠠᠷ ᠬᠠᠳᠬᠤᠬᠤ᠂ ᠠᠷᠠᠯ ᠲᠡᠪᠡᠮ᠎ᠡ᠂ ᠲᠡᠩᠬᠡᠯᠢᠭ ᠲᠡᠪᠡᠮ᠎ᠡ᠂ ᠡᠪᠦᠳᠦᠭ ᠴᠢᠨᠡᠭᠡ᠂ ᠲᠦᠷᠦᠬᠡ ᠰᠢᠬᠦᠷᠡᠮ᠎ᠡ᠂ | ᠪᠦᠪᠦᠷᠬᠡ ᠰᠢᠬᠦᠷᠡᠮ᠎ᠡ᠂ ᠪᠦᠳᠦᠬᠦᠨ ᠭᠤᠶ᠎ᠠ ᠴᠢᠨᠡᠭᠡ᠂ ᠪᠦᠰᠡᠯᠡᠬᠦᠷ ᠴᠢᠨᠡᠭᠡ᠂ ᠬᠦᠵᠦᠬᠦᠦ ᠴᠢᠨᠡᠭᠡ᠂ ᠮᠤᠷᠢᠨ ᠨᠢᠷᠤᠭᠤ ᠲᠡᠪᠡᠮ᠎ᠡ᠂ ᠮᠤᠨᠳᠠᠭ᠎ᠠ ᠰᠢᠬᠦᠷᠡᠮ᠎ᠡ᠂ ᠮᠦᠷᠦ | ᠴᠢᠨᠡᠭᠡ ᠬᠡᠬᠦ ᠮᠡᠳᠦ ᠪᠠᠷ ᠬᠡᠮᠵᠢᠳᠡᠭ ᠶᠤᠮ᠃ ᠡᠪᠡᠰᠦ᠂ ᠪᠡᠯᠴᠢᠬᠡᠷ᠂ ᠲᠠᠷᠢᠶᠠᠨ ᠤᠷᠭᠤᠴᠠ ᠶᠢ ᠬᠡᠮᠵᠢᠬᠦ ᠳᠡᠭᠡᠨ ᠬᠤᠯᠤᠭᠠᠨ᠎ᠠ ᠴᠢᠬᠢᠯᠡᠬᠦ᠂ ᠬᠦᠷᠦᠰᠦ ᠪᠦᠷᠬᠦᠬᠦ᠂ | ᠬᠤᠪᠤᠩ ᠲᠤᠯᠬᠤ᠂ ᠬᠠᠰᠠᠭ ᠲᠤᠯᠬᠤ᠂ ᠤᠨᠴᠤᠭ ᠰᠢᠬᠦᠷᠡᠮ᠎ᠡ᠂ ᠭᠠᠨᠵᠤᠭ᠎ᠠ ᠰᠢᠬᠦᠷᠡᠮ᠎ᠡ ᠬᠡᠬᠦ ᠮᠡᠳᠦ ᠪᠠᠷ ᠬᠡᠮᠵᠢᠳᠡᠭ᠃ ᠪᠤᠷᠤᠭᠠᠨ ᠴᠢᠬᠢᠭ ᠨᠡᠪᠳᠡᠷᠡᠬᠦ ᠬᠡᠮᠵᠢᠶ᠎ᠡ ᠶᠢ | ᠠᠨᠵᠢᠰᠤᠨ ᠪᠤᠷᠤᠭᠠᠨ᠂ ᠬᠦᠷᠵᠡ ᠪᠤᠷᠤᠭᠠᠨ᠂ ᠵᠤᠤᠬᠠᠨ ᠪᠤᠷᠤᠭᠠᠨ᠂ ᠵᠤᠭᠤᠷᠢᠨ ᠪᠤᠷᠤᠭᠠᠨ ᠬᠡᠬᠦ ᠮᠡᠳᠦ ᠪᠠᠷ ᠬᠡᠮᠵᠢᠳᠡᠭ ᠶᠤᠮ᠃ | | | | | | |