ᠡᠨᠡᠬᠦ ᠬᠠᠤᠯᠢ ᠶᠢ ᠤᠳᠠᠯ ᠦᠬᠡᠢ ᠭᠡᠷᠡᠭᠵᠢᠬᠦᠯᠬᠦ ᠪᠤᠯᠤᠨ᠎ᠡ
ᠨᠡᠶᠢᠲᠡᠯᠡᠭᠰᠡᠨ ᠴᠠᠭ᠄
2023/10/29
      ᠠᠷᠪᠠᠨ ᠲᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠦᠬᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠵᠢᠷᠭᠤᠳᠤᠭᠠᠷ ᠤᠳᠠᠭᠠᠨ ᠤ ᠬᠤᠷᠠᠯ ᠠᠴᠠ 2023 ᠤᠨ ᠤ 10 ᠳ᠋ᠤᠭᠠᠷ ᠰᠠᠷ᠎ᠠ ᠶᠢᠨ 24᠎ ᠤ ᠡᠳᠤᠷ ︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠬᠡ ᠤᠷᠤᠨᠴᠢ ᠦᠵᠡᠯ ᠤᠨ ᠬᠦᠮᠦᠵᠢᠯ ᠤᠨ ᠬᠠᠤᠯᠢ︾᠎ ᠳᠤ ᠰᠠᠨᠠᠯ ᠤᠷᠤᠭᠤᠯᠤᠨ ᠪᠠᠳᠤᠯᠠᠵᠤ᠂ 2024 ᠤᠨ ᠤ 1 ᠳ᠋ᠤᠭᠡᠷ ᠰᠠᠷ᠎ᠠ ᠶᠢᠨ 1᠎ ᠤ ᠡᠳᠤᠷ ᠠᠴᠠ ᠡᠬᠢᠯᠡᠨ ᠭᠡᠷᠡᠭᠵᠢᠬᠦᠯᠬᠦ ᠪᠤᠯᠤᠨ᠎ᠡ᠃ ᠡᠬᠡ ᠤᠷᠤᠨᠴᠢ ᠦᠵᠡᠯ ᠤᠨ ᠬᠦᠮᠦᠵᠢᠯ ᠢ ᠴᠢᠩᠭᠠᠳᠬᠠᠨ᠂ ᠡᠬᠡ ᠤᠷᠤᠨᠴᠢ ᠦᠵᠡᠯ ᠤᠨ ᠵᠤᠷᠢᠭ ᠰᠠᠨᠠᠭ᠎ᠠ ᠶᠢ ᠤᠯᠠᠮᠵᠢᠯᠠᠨ ᠪᠠᠳᠠᠷᠠᠭᠤᠯᠬᠤ ᠪᠠᠷ ᠵᠤᠷᠢᠯᠭ᠎ᠠ ᠪᠠᠨ ᠪᠤᠯᠭᠠᠭᠰᠠᠨ ᠡᠨᠡᠬᠦ ᠬᠠᠤᠯᠢ ᠴᠠᠭᠠᠵᠠ ᠨᠢ ᠶᠡᠷᠦᠩᠬᠡᠢ ᠲᠦᠷᠢᠮ᠂ ᠡᠬᠦᠷᠭᠡ ᠬᠠᠷᠢᠭᠤᠴᠠᠯᠭ᠎ᠠ᠂ ᠭᠡᠷᠡᠭᠵᠢᠬᠦᠯᠬᠦ ᠠᠷᠭ᠎ᠠ ᠬᠡᠮᠵᠢᠶ᠎ᠡ᠂ ᠳᠠᠮᠵᠢᠯᠬᠡ ᠪᠠᠳᠤᠯᠠᠭ᠎ᠠ ᠪᠠ ᠲᠠᠭᠠᠯᠳᠡ ᠲᠦᠷᠢᠮ ᠵᠡᠷᠭᠡ ᠶᠢ ᠪᠠᠭᠳᠠᠭᠠᠭᠠᠳ ᠨᠡᠶᠢᠳᠡ 5 ᠪᠦᠯᠦᠭ 40 ᠵᠤᠷᠪᠤᠰ ᠢᠶᠠᠷ ᠪᠦᠷᠢᠯᠳᠦᠭᠰᠡᠨ ᠶᠤᠮ᠃      ᠡᠬᠡ ᠤᠷᠤᠨᠴᠢ ᠦᠵᠡᠯ ᠤᠨ ᠬᠦᠮᠦᠵᠢᠯ ᠤᠨ ᠬᠠᠤᠯᠢ ᠳᠤ ᠡᠬᠡ ᠤᠷᠤᠨᠴᠢ ᠦᠵᠡᠯ ᠤᠨ ᠬᠦᠮᠦᠵᠢᠯ ᠤᠨ ᠭᠤᠤᠯ ᠠᠭᠤᠯᠭ᠎ᠠ ᠶᠢ ᠲᠤᠭᠳᠠᠭᠠᠵᠤ᠂ ᠦᠵᠡᠯ ᠰᠠᠨᠠᠭ᠎ᠠ ᠤᠯᠤᠰ ᠲᠦᠷᠦ᠂ ᠲᠡᠤᠭᠡ ᠰᠤᠶᠤᠯ᠂ ᠤᠯᠤᠰ ᠤᠨ ᠪᠡᠯᠭᠡ ᠳᠠᠮᠳᠡᠭ᠂ ᠡᠬᠡ ᠤᠯᠤᠰ ᠤᠨ ᠦᠵᠡᠬᠦᠰᠯᠡᠩᠳᠤ ᠰᠠᠶᠢᠬᠠᠨ ᠠᠭᠤᠯᠠ ᠤᠰᠤ ᠪᠠ ᠲᠡᠤᠭᠡ ᠰᠤᠶᠤᠯ ᠤᠨ ᠦᠯᠡᠳᠡᠭᠳᠡᠯ᠂ ᠦᠨᠳᠦᠰᠦᠨ ᠬᠠᠤᠯᠢ ᠪᠠ ᠬᠠᠤᠯᠢ ᠴᠠᠭᠠᠵᠠ᠂ ᠤᠯᠤᠰ ᠤᠨ ᠨᠢᠬᠡᠳᠦᠯ ᠪᠠ ᠦᠨᠳᠦᠰᠦᠳᠡᠨ ᠤ ᠪᠦᠯᠬᠦᠮᠳᠡᠯ᠂ ᠤᠯᠤᠰ ᠤᠨ ᠠᠮᠤᠷ ᠲᠦᠪᠰᠢᠨ ᠪᠠ ᠪᠠᠳᠤᠯᠠᠨ ᠬᠠᠮᠠᠭᠠᠯᠠᠯᠳᠠ᠂ ᠦᠷᠡᠭᠳᠡᠭᠰᠡᠨ ᠪᠠᠭᠠᠳᠤᠷᠴᠤᠳ ᠪᠠ ᠵᠢᠱᠢᠶᠡᠴᠢᠳ ᠤᠨ ᠦᠢᠯᠠ ᠭᠠᠪᠢᠶ᠎ᠠ ᠵᠡᠷᠭᠡ ᠲᠠᠯ᠎ᠠ ᠶᠢ ᠬᠠᠮᠤᠷᠤᠭᠰᠠᠨ ᠪᠠᠶᠢᠨ᠎ᠠ᠃ ᠡᠬᠡ ᠤᠷᠤᠨᠴᠢ ᠦᠵᠡᠯ ᠤᠨ ᠬᠥᠮᠥᠵᠢᠯ ᠢ ᠪᠦᠬᠦ ᠠᠷᠠᠳ ᠢᠷᠭᠡᠳ ᠲᠤ ᠬᠠᠨᠳᠤᠭᠤᠯᠤᠨ ᠥᠷᠨᠢᠭᠦᠯᠬᠦ ᠪᠠᠷ ᠲᠣᠭᠲᠠᠵᠤ᠂ ᠵᠠᠯᠠᠭᠤᠴᠤᠳ ᠪᠠᠭᠠᠴᠤᠳ ᠪᠤᠯᠤᠨ ᠬᠡᠤᠬᠡᠳ ᠤᠳ ᠲᠤ ᠰᠤᠷᠭᠠᠭᠤᠯᠢ ᠪᠠ ᠬᠡᠷ ᠪᠦᠯᠢ ᠶᠢᠨ ᠵᠦᠭ ᠠᠴᠠ ᠬᠠᠮᠢᠶᠠᠳᠡᠢ ᠬᠦᠮᠦᠵᠢᠯ ᠬᠦᠷᠳᠡᠬᠡᠬᠦ ᠶᠢ ᠲᠣᠪᠤᠶᠢᠯᠭᠠᠭᠰᠠᠨ ᠤ ᠬᠠᠮᠲᠤ ᠠᠯᠪᠡᠨ ᠠᠵᠢᠯᠳᠡᠨ᠂ ᠠᠵᠤ ᠠᠬᠤᠶᠢᠯᠡᠯ ᠠᠵᠢᠯ ᠦᠢᠯᠡᠰ ᠤᠨ ᠪᠠᠶᠢᠭᠤᠯᠭ᠎ᠠ ᠶᠢᠨ ᠠᠵᠢᠯᠳᠡᠨ ᠠᠵᠢᠯᠴᠢᠨ᠂ ᠲᠤᠰᠬᠤᠨ ᠤ ᠰᠠᠭᠤᠭᠠᠯᠢ ᠠᠷᠠᠳ᠂ ᠰᠢᠶᠠᠩᠭᠠᠩ ᠤᠤᠮᠧᠨ ᠲᠠᠶᠢᠸᠠᠨ ᠤ ᠠᠬ᠎ᠠ ᠲᠡᠬᠦᠦ ᠨᠡᠷ ᠪᠠ ᠭᠠᠳᠠᠭᠠᠳᠤ ᠳᠤ ᠪᠠᠶᠢᠭ᠎ᠠ ᠬᠠᠷᠢᠶᠠᠳᠤ ᠨᠠᠷ ᠵᠡᠷᠭᠡ ᠬᠦᠮᠦᠰ ᠲᠤ ᠡᠬᠡ ᠤᠷᠤᠨᠴᠢ ᠦᠵᠡᠯ ᠤᠨ ᠬᠦᠮᠦᠵᠢᠯ ᠬᠦᠷᠳᠡᠬᠡᠬᠦ ᠲᠤᠬᠠᠢ ᠲᠤᠰ ᠲᠤᠰ ᠲᠣᠭᠲᠠᠭᠠᠭᠰᠠᠨ ᠪᠠᠶᠢᠨ᠎ᠠ᠃       ᠡᠬᠡ ᠤᠷᠤᠨᠴᠢ ᠦᠵᠡᠯ ᠤᠨ ᠬᠦᠮᠦᠵᠢᠯ ᠤᠨ ᠬᠠᠤᠯᠢ ᠶᠢ ᠲᠤᠭᠳᠠᠭᠠᠵᠤ᠂ ᠬᠠᠤᠯᠢ ᠪᠠᠷ ᠵᠠᠰᠠᠬᠤ ᠬᠡᠯᠪᠡᠷᠢ ᠪᠠᠷ ᠰᠢᠨ᠎ᠡ ᠴᠠᠭ ᠦᠶ᠎ᠡ ᠶᠢᠨ ᠡᠬᠡ ᠤᠷᠤᠨᠴᠢ ᠦᠵᠡᠯ ᠤᠨ ᠬᠦᠮᠦᠵᠢᠯ ᠢ ᠠᠬᠢᠭᠤᠯᠤᠨ ᠪᠠᠳᠤᠯᠠᠭᠰᠠᠨ ᠨᠢ ᠦᠨᠳᠦᠰᠦᠳᠡᠨ ᠤ ᠵᠤᠷᠢᠭ ᠰᠠᠨᠠᠭ᠎ᠠ ᠶᠢ ᠬᠦᠪᠴᠢᠯᠠᠨ᠂ ᠠᠷᠠᠳ ᠲᠦᠮᠡᠨ ᠤ ᠬᠦᠴᠦᠨ ᠴᠢᠳᠠᠯ ᠢ ᠨᠢᠭᠲᠠᠷᠠᠭᠤᠯᠵᠤ᠂ ᠤᠯᠤᠰ ᠤᠷᠤᠨ ᠢᠶᠠᠨ ᠬᠦᠴᠦᠷᠭᠡᠭᠵᠢᠬᠦᠯᠬᠦ ᠪᠠᠶᠢᠭᠤᠯᠤᠯᠳᠡ᠂ ᠦᠨᠳᠦᠰᠦᠳᠡᠨ ᠤ ᠰᠡᠷᠭᠦᠯ ᠮᠠᠨᠳᠤᠯ ᠢ ᠠᠬᠢᠭᠤᠯᠬᠤ ᠳᠤ ᠲᠦᠢᠯ ᠤᠨ ᠴᠢᠬᠤᠯᠠ ᠪᠦᠭᠡᠳ ᠠᠯᠤᠰ ᠬᠡᠳᠤ ᠶᠢᠨ ᠠᠴᠢ ᠬᠤᠯᠪᠤᠭᠳᠠᠯ ᠲᠠᠢ ᠶᠤᠮ᠃
ᠢᠷᠡᠯᠲᠡ᠄ ᠲᠠᠯᠠᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ