ᠦᠨᠳᠦᠷᠯᠢᠭ | ᠦᠨᠦ ᠵᠢᠯ ᠪᠤᠯᠬᠤ ᠳᠤ᠂ ᠤᠷᠲᠤᠰ ᠨᠤᠲᠤᠭ ᠤᠨ ᠤᠲᠤᠭ ᠤᠨ ᠡᠮᠦᠨᠡᠲᠦ ᠬᠤᠰᠢᠭᠤ ᠪᠤᠯᠤᠨ ᠡᠵᠡᠨ ᠬᠤᠷᠤᠭ᠎ᠠ ᠬᠤᠰᠢᠭᠤᠨ ᠤ ᠵᠠᠷᠢᠮ ᠮᠤᠩᠭᠤᠯ ᠬᠤᠷᠢᠮ | ᠨᠢ ᠤᠤᠭᠠᠯ ᠮᠤᠩᠭᠤᠯ ᠬᠤᠷᠢᠮ ᠤᠨ ᠵᠠᠩ ᠦᠢᠯᠡ ᠪᠠᠨ ᠰᠡᠷᠭᠦᠭᠡᠵᠦ᠂ ᠡᠭᠦᠲᠡ ᠲᠠᠷᠤᠬᠤ᠂ ᠨᠡᠷ᠎ᠡ ᠵᠢᠯ ᠠᠰᠠᠭᠤᠬᠤ ᠵᠡᠷᠭᠡ ᠬᠤᠨᠵᠢᠨ ᠦᠭᠡ ᠡᠯᠭᠦᠴᠡᠭᠦ ᠦᠢᠯᠡ | ᠲᠡᠯᠭᠡᠷᠡᠵᠦ ᠡᠭᠢᠯᠡᠵᠡᠢ᠃ ᠭᠡᠲᠡᠯ᠎ᠡ ᠡᠭᠢᠯᠡᠨ ᠰᠡᠷᠭᠦᠭᠡᠵᠦ ᠪᠠᠶᠢᠭ᠎ᠠ ᠲᠤᠯᠠ ᠵᠦᠪᠭᠡᠨ ᠬᠠᠭᠠᠰ ᠲᠤᠲᠠᠭᠤ ᠪᠠᠷ ᠲᠡᠭᠦᠰᠭᠡᠵᠦ ᠪᠠᠶᠢᠭ᠎ᠠ ᠪᠠᠶᠢᠲᠠᠯ ᠢᠯᠡᠷᠭᠡᠢ ᠰᠢᠭ | ᠬᠠᠷᠠᠬᠳᠠᠵᠤ ᠪᠠᠶᠢᠨ᠎ᠠ᠃ ᠡᠨᠡᠭᠦ ᠳ᠋ᠤᠭᠠᠷ ᠲᠤ ᠤᠷᠲᠤᠰ ᠬᠤᠷᠢᠮ ᠤᠨ ᠶᠤᠰᠤᠯᠠᠯ ᠳᠠᠬᠢ ᠡᠭᠦᠲᠡ ᠲᠠᠷᠤᠬᠤ ᠬᠤᠨᠵᠢᠨ ᠡᠯᠭᠦᠴᠡᠭᠡ ᠠᠴᠠ ᠭᠡᠰᠡᠭᠯᠡᠨ ᠡᠮᠭᠢᠳᠭᠡᠪᠡ᠃ | ᠠᠳᠡ ᠤᠨᠴᠠ ᠲᠤᠲᠤᠷᠬᠠᠶᠢᠯᠠᠬᠤ ᠴᠢᠬᠤᠯᠠᠲᠠᠢ ᠨᠢᠭᠡ ᠵᠦᠢᠯ ᠭᠡᠪᠡᠯ᠂ ᠮᠠᠨ ᠤ ︽ᠲᠦᠷᠦᠯᠭᠢ ᠭᠡᠯᠡ︾ ᠰᠡᠳᠭᠦᠯ ᠳᠡᠭᠡᠷ᠎ᠡ ᠵᠠᠭᠤᠨ ᠤ ᠨᠠᠶᠠᠨ ᠭᠡᠲᠦᠨ ᠤᠨ ᠳᠤ | ᠰᠡᠳᠭᠦᠯ ᠤᠨ ᠬᠠᠭᠤᠳᠠᠰᠤ ᠢᠷᠠᠬᠰᠠᠨ ᠠᠩᠬᠠᠨ ᠤ ᠳ᠋ᠤᠭᠠᠷ ᠲᠤ ᠮᠦᠨ ᠤᠷᠲᠤᠰ ᠬᠤᠷᠢᠮ ᠤᠨ ᠵᠠᠩ ᠦᠢᠯᠡ ᠶᠢ ᠨᠡᠯᠢᠶᠡᠳ ᠪᠦᠷᠢᠨ ᠲᠦᠭᠦᠷ ᠡᠮᠭᠢᠳᠭᠡᠭᠰᠡᠨ | ᠪᠠᠶᠢᠳᠠᠭ᠂ ᠭᠡᠲᠡᠯ᠎ᠡ ᠤᠨ ᠤᠳᠠᠬᠰᠠᠨ ᠠᠴᠠ ᠪᠤᠯᠵᠤ ᠤᠤᠯ ᠳᠡᠪᠲᠡᠷ ᠤᠯᠲᠠᠬᠤ ᠳᠤ ᠭᠦᠴᠢᠷ ᠪᠤᠯᠤᠬᠰᠠᠨ ᠲᠤᠯᠠ᠂ ᠲᠤᠰ ᠳ᠋ᠤᠭᠠᠷ ᠲᠤ ᠤᠷᠲᠤᠰ ᠬᠤᠷᠢᠮ ᠤᠨ ᠵᠠᠩ | ᠦᠢᠯᠡ ᠠᠴᠠ ᠡᠲᠦᠢ ᠲᠡᠲᠦᠢ ᠶᠢ ᠡᠮᠭᠢᠳᠭᠡᠨ ᠴᠤᠬᠯᠠᠭᠤᠯᠵᠤ᠂ ᠮᠤᠩᠭᠤᠯ ᠲᠦᠮᠡᠨ ᠤ ᠠᠮᠢᠳᠤᠷᠠᠯ ᠵᠠᠩ ᠦᠢᠯᠡ ᠳᠤ ᠦᠴᠦᠭᠡᠨ ᠴᠤ ᠭᠡᠰᠡᠨ ᠲᠤᠰᠠ ᠨᠡᠮᠡᠷᠢ ᠪᠤᠯᠬᠤ | ᠶᠢ ᠭᠢᠴᠢᠶᠡᠪᠡᠢ︕ ᠦᠵᠡᠭᠦ ᠮᠡᠷᠭᠡᠳ ᠭᠡᠭᠡᠨ ᠳᠤ ᠪᠠᠨ ᠲᠤᠯᠢᠯᠠᠬᠤ ᠠᠵᠢᠶᠠᠮᠤ︕ | ᠤᠷᠲᠤᠰ ᠨᠤᠲᠤᠭ ᠤᠨ ᠬᠤᠷᠢᠮ ᠳᠤ᠂ ᠭᠦᠷᠭᠡᠨ ᠭᠦᠦ ᠰᠠᠭᠠᠳᠠᠭ ᠨᠤᠮᠤ ᠠᠬᠰᠠᠨ ᠭᠡᠦᠭᠡᠨ ᠲᠠᠯ᠎ᠠ ᠶᠢᠨ ᠡᠷᠦᠭᠡ ᠶᠢᠨ ᠭᠠᠳᠠᠨ᠎ᠠ ᠢᠷᠡᠵᠦ ᠤᠬᠳᠤᠬᠳᠠᠬᠰᠠᠨ ᠤ | ᠲᠠᠷᠠᠭ᠎ᠠ᠂ ᠬᠤᠷ ᠤᠨ ᠠᠮᠪᠠᠨ ᠵᠡᠷᠭᠡ ᠰᠠᠭᠠᠳᠠᠭ ᠤᠨ ᠬᠤᠳᠠ ᠨᠠᠷ ᠢ ᠭᠡᠷ ᠲᠤ ᠤᠷᠤᠭᠤᠯᠤᠭᠠᠳ᠂ ᠭᠡᠦᠭᠡᠨ ᠲᠠᠯ᠎ᠠ ᠤᠨ ᠪᠡᠷᠭᠡᠳ ᠭᠡᠭᠦ ᠬᠤᠶᠠᠷ ᠪᠦᠰᠡᠭᠦᠢ ᠠᠴᠠ | ᠭᠦᠷᠭᠡᠨ ᠭᠦᠦ ᠪᠤᠯᠤᠨ ᠬᠤᠨᠵᠢᠨ ᠬᠤᠶᠠᠭᠤᠯᠠ ᠶᠢ ᠡᠭᠦᠳᠡᠨ ᠳᠡᠭᠡᠷ᠎ᠡ ᠬᠤᠷᠢᠭᠠᠳ ᠡᠭᠦᠳᠡ ᠳᠠᠷᠤᠨ᠎ᠠ᠃ ᠢᠩᠭᠢᠭᠡᠳ ᠡᠳᠡᠭᠡᠷ ᠪᠡᠷᠭᠡᠳ ᠠᠴᠠ ᠭᠦᠷᠭᠡᠨ ᠲᠠᠯ᠎ᠠ ᠶᠢᠨ | ᠬᠤᠨᠵᠢᠨ ᠲᠠᠢ ᠤᠶᠤᠨ ᠤᠬᠠᠭᠠᠨ ᠤᠷᠠᠨ ᠦᠭᠡᠨ ᠤ ᠮᠦᠷᠦᠶᠢᠴᠡᠭᠡᠨ ᠶᠠᠪᠤᠭᠤᠯᠵᠤ ᠨᠠᠶᠢᠷ ᠨᠠᠭᠠᠳᠤᠮ ᠭᠦᠭᠵᠢᠶᠡᠨ ᠡᠭᠦᠰᠭᠡᠳᠡᠭ ᠪᠠᠶᠢᠨ᠎ᠠ᠃ | ᠪᠡᠷᠭᠡᠳ᠄ | ᠤᠮ ᠰᠠᠶᠢᠨ ᠠᠮᠤᠭᠤᠯᠠᠩ ᠲᠠᠨ ᠪᠤᠯᠲᠤᠭᠠᠢ︕ | ᠲᠦᠪ ᠰᠠᠶᠢᠬᠠᠨ ᠪᠠᠶᠢᠳᠠᠯ ᠲᠠᠢ | ᠲᠦᠭᠡᠮᠡᠯ ᠰᠠᠶᠢᠬᠠᠨ ᠨᠤᠲᠤᠭ ᠲᠠᠢ | ᠤᠨᠴᠠ ᠰᠠᠶᠢᠬᠠᠨ ᠪᠠᠶᠢᠳᠠᠯ ᠲᠠᠢ | ᠤᠯᠠᠨ ᠰᠠᠶᠢᠬᠠᠨ ᠲᠦᠷᠦᠯ ᠲᠠᠢ | ᠰᠦᠮᠪᠦᠷ ᠠᠭᠤᠯᠠ ᠰᠢᠭ᠋ ᠰᠦᠨᠳᠦᠷᠯᠡᠵᠦ | ᠰᠦᠨ ᠳᠠᠯᠠᠢ ᠰᠢᠭ᠋ ᠬᠠᠯᠭᠢᠯᠠᠵᠤ | ᠭᠠᠯᠪᠠᠷᠠᠬᠽᠠ ᠮᠤᠲᠤ ᠰᠢᠭ᠋ ᠨᠠᠶᠢᠭᠤᠵᠤ | ᠭᠠᠩᠭ᠎ᠠ ᠮᠦᠷᠡᠨ ᠰᠢᠭ ᠳᠠᠪᠠᠯᠭᠠᠯᠠᠵᠤ | ᠭᠠᠳᠠᠨ᠎ᠠ ᠮᠢᠨᠢ ᠭᠠᠶᠢᠬᠠᠮᠰᠢᠬᠲᠠᠢ ᠪᠠᠷ | ᠬᠠᠩᠭᠢᠨᠠᠨ ᠵᠢᠩᠭᠢᠨᠡᠨ ᠮᠤᠷᠢᠯᠠᠨ ᠰᠠᠭᠠᠳᠠᠬᠰᠠᠨ | ᠬᠤᠳᠠ ᠲᠦᠷᠦᠯ ᠪᠦᠭᠦᠳᠡᠭᠡᠷ ᠠᠮᠤᠭᠤᠯᠠᠩ︕ | ᠭᠦᠷᠭᠡᠨ ᠲᠠᠯ᠎ᠠ ᠶᠢᠨ ᠬᠤᠨᠵᠢᠨ᠄ | ᠠᠮᠤᠭᠤᠯᠠᠩ︕ ᠠᠮᠤᠭᠤᠯᠠᠩ︕ | ᠪᠡᠷᠭᠡᠳ᠄ | ᠨᠠᠷᠠ ᠮᠡᠳᠦ ᠮᠠᠨᠳᠤᠵᠤ | ᠨᠠᠪᠴᠢ ᠮᠡᠲᠦ ᠳᠡᠯᠭᠡᠷᠡᠵᠦ | ᠰᠠᠷ᠎ᠠ ᠮᠡᠳᠦ ᠰᠠᠴᠤᠷᠠᠨ | ᠽᠠᠨᠳᠠᠨ ᠮᠡᠳᠦ ᠨᠠᠶᠢᠭᠤᠵᠤ | ᠳᠡᠪᠭᠢᠯᠳᠤᠨ ᠮᠤᠷᠳᠠᠵᠤ ᠢᠷᠡᠭᠡᠳ | ᠶᠤᠰᠤᠯᠠᠨ ᠪᠠᠭᠤᠵᠤ ᠮᠡᠨᠳᠦᠯᠡᠭᠴᠢ | ᠠᠭᠤᠤ ᠬᠤᠳᠠ ᠲᠦᠷᠦᠯ ᠡᠭᠢᠯᠡᠨ | ᠠᠬ᠎ᠠ ᠳᠡᠭᠦᠦ ᠰᠠᠳᠤᠨ ᠲᠠ ᠪᠦᠭᠦᠨ | ᠠᠯᠢ ᠤᠷᠤᠨ ᠠᠴᠠ ᠮᠤᠷᠳᠠᠵᠤ | ᠠᠯᠢ ᠭᠡᠭᠴᠢ ᠨᠤᠲᠤᠭ ᠲᠤ ᠵᠤᠷᠢᠨ᠎ᠠ ᠪᠤᠢ︖ | ᠮᠠᠯᠠᠭᠠᠢ ᠲᠠᠢ ᠭᠦᠷᠮ᠎ᠡ ᠲᠠᠢ ᠶᠢ ᠨᠢ ᠦᠵᠡᠭᠦᠯ᠎ᠡ | ᠠᠶᠢᠯᠴᠢᠨ ᠭᠡᠶᠢᠴᠢᠳ ᠤᠨ ᠮᠠᠶ᠋ᠢᠭ ᠲᠠᠢ | ᠨᠤᠮᠤ ᠰᠤᠮᠤ ᠲᠠᠢ ᠶᠢ ᠨᠢ ᠦᠵᠡᠭᠦᠯ᠎ᠡ | ᠠᠩᠴᠢᠨ ᠭᠦᠷᠦᠭᠡᠴᠢᠨ ᠤ ᠶᠠᠩᠵᠤ ᠲᠠᠢ᠂ | ᠠᠵᠤ ᠲᠦᠷᠦᠭᠦ ᠪᠠᠷ ᠶᠠᠪᠤᠵᠤ ᠪᠠᠶᠢᠪᠠᠯ | ᠠᠶᠠᠨ ᠵᠠᠮ ᠤᠷᠢᠳᠤᠭᠤᠷ ᠪᠤᠢ᠂ | ᠠᠪᠠ ᠭᠦᠷᠦᠭᠡᠨ ᠳᠤ ᠶᠠᠪᠤᠵᠤ ᠪᠠᠶᠢᠪᠠᠯ | ᠠᠬᠯᠠᠭ ᠠᠭᠤᠯᠠ ᠠᠷᠤ ᠳᠤ ᠪᠤᠢ᠂ | ᠵᠤᠷᠢᠬᠰᠠᠨ ᠶᠠᠪᠤᠳᠠᠯ ᠴᠢᠨᠢ ᠶᠠᠭᠤ ᠪᠤᠢ︖ | ᠵᠤᠯᠭᠠᠬᠤ ᠭᠦᠮᠦᠨ ᠴᠢᠨᠢ ᠭᠡᠨ ᠪᠤᠢ︖ | ᠨᠠᠨᠳᠢᠨ ᠰᠢᠲᠦᠭᠡᠨ ᠴᠢᠨᠢ ᠶᠠᠭᠤ ᠪᠤᠯᠪᠠ︖ | ᠨᠡᠷ᠎ᠡ ᠠᠯᠳᠠᠷ ᠴᠢᠨᠢ ᠭᠡᠨ ᠪᠤᠯᠪᠠ︖ | ᠭᠦᠷᠭᠡᠨ ᠲᠠᠯ᠎ᠠ ᠶᠢᠨ ᠬᠤᠨᠵᠢᠨ᠄ | ᠤᠮ ᠰᠠᠶᠢᠨ ᠠᠮᠤᠭᠤᠯᠠᠩ ᠲᠠᠨ ᠪᠤᠯᠳᠤᠭᠠᠢ︕ | ᠲᠦᠪᠰᠢᠨ ᠰᠠᠶᠢᠬᠠᠨ ᠲᠦᠯᠦᠪ ᠲᠠᠢ | ᠲᠦᠭᠦᠷᠢᠭ ᠰᠠᠶᠢᠬᠠᠨ ᠤᠷᠲᠤᠨ ᠲᠠᠢ | ᠪᠠᠲᠤ ᠰᠠᠶᠢᠬᠠᠨ ᠪᠠᠶᠢᠳᠠᠯ ᠲᠠᠢ | ᠪᠠᠭ᠋ᠠᠳᠤᠯ ᠤᠯᠠᠨ ᠲᠦᠷᠦᠯ ᠲᠠᠢ | ᠤᠷᠤᠢ ᠳᠡᠭᠡᠷ᠎ᠡ ᠪᠠᠨ ᠵᠡᠷᠭᠡ ᠲᠠᠢ | ᠤᠲᠤᠭ᠎ᠠ ᠳᠤ ᠪᠠᠨ ᠨᠢᠲᠦ ᠲᠠᠢ | ᠤᠯᠠᠨ ᠭᠦᠨᠳᠦᠲᠦ ᠠᠮᠪᠠᠨ ᠡᠭᠢᠯᠡᠨ | ᠤᠲᠤᠮ ᠲᠥᠷᠥᠯ ᠤᠨ ᠲᠠ ᠪᠦᠭᠦᠨ | ᠪᠦᠭᠦᠳᠡᠭᠡᠷ ᠠᠮᠤᠭᠤᠯᠠᠩ︕ | ᠪᠡᠷᠭᠡᠳ᠄ | ᠠᠮᠤᠭᠤᠯᠠᠩ︕ ᠠᠮᠤᠭᠤᠯᠠᠩ︕ | ᠭᠦᠷᠭᠡᠨ ᠲᠠᠯ᠎ᠠ ᠶᠢᠨ ᠬᠤᠨᠵᠢᠨ᠄ | ᠮᠠᠨ ᠤ ᠨᠤᠲᠤᠭ ᠭᠡᠭᠴᠢ ᠪᠤᠯ | ᠭᠠᠳᠠᠭᠠᠲᠤ ᠲᠠᠯᠠᠢ ᠶᠢᠨ ᠳᠡᠷᠲᠡᠭᠡ | ᠲᠦᠷᠪᠡᠨ ᠲᠢᠪ ᠶᠢ ᠲᠦᠪᠯᠡᠭᠴᠢ | ᠰᠦᠮᠪᠦᠷ ᠠᠭᠤᠯᠠ ᠶᠢᠨ ᠡᠮᠦᠨ᠎ᠡ | ᠦᠷᠭᠡᠨ ᠶᠡᠭᠡ ᠲᠠᠯ᠎ᠠ ᠲᠠᠢ | ᠤᠷᠲᠤ ᠶᠡᠭᠡ ᠮᠦᠷᠡᠨ ᠲᠠᠢ | ᠭᠠᠯᠪᠠᠷᠠᠬᠽᠠ ᠮᠤᠲᠤ ᠨᠠᠶᠢᠭᠤᠬᠰᠠᠨ | ᠭᠠᠶᠢᠬᠠᠮᠰᠢᠬᠲᠤ ᠰᠢᠪᠠᠭᠤᠳ ᠲᠤᠩᠭᠤᠲᠤᠬᠰᠠᠨ | ᠪᠤᠷᠤ ᠲᠤᠬᠤᠢ ᠭᠡᠳᠡᠭ ᠨᠡᠷ᠎ᠡ ᠲᠠᠢ | ᠪᠤᠬᠳᠠ ᠴᠢᠩᠭᠢᠰ ᠤᠨ ᠰᠢᠲᠦᠭᠡᠨ ᠲᠠᠢ | ᠦᠭᠡᠳᠡᠯᠡᠨ ᠮᠠᠨᠲᠤᠬᠤ ᠰᠢᠨᠵᠢ ᠲᠠᠢ | ᠦᠨᠢᠷ ᠪᠠᠶᠠᠨ ᠭᠠᠵᠠᠷ ᠶᠤᠮ᠃ | ᠴᠤᠬᠲᠤ ᠰᠦᠮᠪᠦᠷ ᠠᠭᠤᠯᠠ ᠠᠴᠠ | ᠴᠤᠭ ᠢᠶᠠᠷ ᠨᠠᠰᠢ ᠶᠠᠪᠤᠬᠤ ᠳᠤ | ᠴᠤᠯᠬᠢᠯᠠᠬᠰᠠᠨ ᠤᠰᠤᠨ ᠳᠤ | ᠴᠤᠭ ᠵᠢᠷᠭᠠᠬᠠᠢ ᠲᠤᠲᠤᠷᠠᠪᠠ᠂ | ᠦᠨᠳᠦᠷ ᠰᠦᠮᠪᠦᠷ ᠠᠭᠤᠯᠠ ᠠᠴᠠ | ᠦᠨᠦ ᠨᠠᠰᠢ ᠬᠠᠨᠲᠤᠬᠤ ᠳᠤ᠂ | ᠦᠶᠡᠷᠯᠡᠭᠰᠡᠨ ᠤᠰᠤᠨ ᠳᠤᠨᠢ | ᠦᠯᠵᠡᠢ ᠵᠠᠩᠭᠢᠶ᠎ᠠ ᠰᠦᠯᠵᠢᠭᠳᠡᠪᠡ᠂ | ᠡᠶᠢᠮᠦ ᠰᠠᠶᠢᠬᠠᠨ ᠦᠯᠵᠡᠢ ᠪᠡᠯᠭᠡ | ᠡᠪᠴᠢᠭᠦᠦ ᠴᠡᠭᠡᠵᠢ ᠶᠢ ᠪᠠᠶᠠᠰᠬᠠᠨ | ᠠᠭᠤᠳᠠᠮ ᠰᠠᠶᠢᠬᠠᠨ ᠨᠤᠲᠤᠭ ᠠᠴᠠ ᠪᠠᠨ | ᠤᠷᠤᠬᠰᠢᠯᠠᠨ ᠮᠤᠷᠳᠠᠵᠤ ᠳᠠᠪᠭᠢᠬᠰᠠᠭᠠᠷ | ᠤᠷᠢᠳᠴᠢᠯᠠᠨ ᠢᠷᠡᠵᠦ ᠪᠠᠶᠢᠬᠤ ᠨᠢ ᠡᠨᠡ ᠪᠢᠯᠡ᠃ | ᠤᠴᠢᠷ ᠢ ᠨᠢ ᠶᠠᠭᠤ ᠭᠡᠮᠡᠨ | ᠤᠬᠤᠴᠢᠯᠠᠨ ᠠᠰᠠᠭᠤᠪᠠᠯ | ᠤᠬᠰᠠᠭ᠎ᠠ ᠦᠨᠳᠦᠰᠦ ᠶᠢᠨ ᠦᠷᠭᠦᠯᠵᠢᠯᠡᠯ | ᠤᠷᠤᠭ ᠲᠦᠷᠦᠯ ᠤᠨ ᠪᠠᠷᠢᠯᠳᠤᠯᠭ᠎ᠠ ᠭᠡᠮᠡᠨ | ᠤᠷᠤᠨ ᠳᠡᠭᠡᠷ᠎ᠡ ᠴᠢᠨᠢ ᠢᠷᠡᠵᠦ | ᠤᠰᠤᠨ ᠲᠦᠷᠦᠯ ᠪᠤᠯᠵᠤ | ᠬᠤᠳᠲᠤᠭ ᠳᠡᠭᠡᠷ᠎ᠡ ᠴᠢᠨᠢ ᠢᠷᠡᠵᠦ | ᠬᠤᠲᠠ ᠲᠦᠷᠦᠯ ᠪᠤᠯᠵᠤ | ᠤᠷᠢᠲᠤ ᠡᠲᠦᠷ ᠭᠡᠯᠡᠯᠴᠡᠵᠦ | ᠡᠨᠡ ᠡᠲᠦᠷ ᠪᠤᠯᠵᠤᠬᠰᠠᠨ ᠲᠤᠯᠠ | ᠢᠷᠡᠵᠦ ᠪᠠᠶᠢᠭ᠎ᠠ ᠨᠢ ᠡᠨᠡ ᠪᠢᠯᠡ︕ | ᠪᠤᠬᠳᠠ ᠴᠢᠩᠭᠢᠰ ᠬᠠᠭᠠᠨ ᠠᠴᠠ | ᠪᠤᠬᠲᠤᠯᠠᠬᠤ ᠶᠢᠨ ᠶᠤᠰᠤ ᠶᠢ | ᠵᠢᠷᠤᠮᠯᠠᠨ ᠢᠷᠡᠭᠰᠡᠨ | ᠬᠤᠲᠠ ᠪᠤᠯᠤᠨ ᠭᠦᠷᠭᠡᠨ ᠴᠢᠨᠢ ᠪᠠᠶᠢᠨ᠎ᠠ︕ | ᠭᠦᠨᠲᠦ ᠶᠢᠨ ᠶᠤᠰᠤ ᠶᠢ ᠲᠠᠭᠠᠵᠤ | ᠭᠦᠷᠮ᠎ᠡ ᠲᠡᠪᠡᠯ ᠢᠶᠠᠨ ᠡᠮᠦᠰᠴᠦ | ᠮᠤᠩᠭᠤᠯ ᠤᠨ ᠶᠤᠰᠤᠨ ᠢ ᠳᠠᠭᠠᠵᠤ | ᠮᠤᠷᠢᠨ ᠰᠠᠶᠢᠨ ᠢᠶᠠᠨ ᠤᠨᠤᠵᠤ | ᠬᠤᠶᠠᠭ ᠤᠨ ᠶᠤᠰᠤᠨ ᠢ ᠳᠠᠭᠠᠵᠤ | ᠬᠤᠷ ᠰᠠᠭᠠᠳᠠᠭ ᠢᠶᠠᠨ ᠪᠦᠰᠡᠯᠡᠵᠦ | ᠠᠪᠤ ᠶᠢᠨ ᠦᠭᠭᠦᠭᠰᠡᠨ ᠠᠯᠲᠠᠨ ᠰᠦᠢ | ᠡᠵᠢ ᠶᠢᠨ ᠦᠭᠭᠦᠭᠰᠡᠨ ᠢᠨᠵᠢᠨ ᠰᠦᠢ | ᠠᠳᠡ ᠪᠠᠶᠢᠬᠤ ᠭᠡᠳ ᠢᠷᠡᠭᠰᠡᠨ ᠪᠢᠯᠡ︕ | ᠡᠭᠢᠮ ᠪᠡᠷᠭᠡᠳ ᠲᠠ ᠨᠠᠷ | ᠡᠭᠦᠲᠡ ᠪᠠᠨ ᠲᠠᠷᠤᠭᠠᠳ ᠤᠷᠤᠭᠤᠯᠳᠠᠭ ᠦᠭᠡᠢ | ᠡᠭᠦᠰᠦᠯ ᠰᠠᠨᠠᠭ᠎ᠠ ᠶᠠᠭᠤᠨ ᠳᠤ ᠪᠤᠢ︖ | ᠤᠯᠠᠨ ᠭᠡᠵᠦ ᠬᠤᠷᠢᠭᠠᠪᠠᠤ︖ | ᠤᠷᠤᠶᠢᠲᠤᠯᠠ ᠭᠡᠵᠦ ᠵᠢᠮᠢᠯᠡᠪᠡᠦ︖ | ᠡᠲᠦᠷ ᠡᠲᠦᠷ ᠳᠠᠷᠤᠲᠠᠭ ᠡᠭᠦᠳᠡ ᠤᠤ︖ | ᠡᠨᠡ ᠡᠲᠦᠷ ᠮᠠᠨ ᠢ ᠢᠷᠡᠭᠦ ᠳᠤ ᠳᠠᠷᠤᠳᠠᠭ ᠡᠭᠦᠲᠡ ᠤᠤ︖ | ᠰᠠᠷ᠎ᠠ ᠰᠠᠷ᠎ᠠ ᠪᠠᠷ ᠳᠠᠷᠤᠳᠠᠭ ᠡᠭᠦᠲᠡ ᠤᠤ︖ | ᠰᠠᠶ᠋ᠢᠬᠠᠨ ᠪᠢᠳᠠᠨ ᠢ ᠦᠵᠡᠭᠡᠳ ᠳᠠᠷᠤᠳᠠᠭ ᠡᠭᠦᠲᠡ ᠤᠤ︖ | ᠤᠨ ᠤᠨ ᠳᠠᠷᠤᠳᠠᠭ ᠡᠭᠦᠲᠡ ᠤᠤ︖ | ᠤᠳᠤᠬᠠᠨ ᠮᠠᠨ ᠢ ᠦᠵᠡᠭᠡᠳ ᠳᠠᠷᠤᠳᠠᠭ ᠡᠭᠦᠲᠡ ᠤᠤ︖ | ᠠᠷᠤ ᠲᠠᠪᠢᠨ ᠲᠤᠯᠤᠭ᠎ᠠ | ᠦᠪᠦᠷ ᠲᠦᠴᠢ ᠶᠢᠰᠦ | ᠭᠠᠵᠠᠷ ᠤᠨ ᠠᠯᠤᠰ | ᠲᠡᠭᠷᠢ ᠶᠢᠨ ᠬᠠᠶᠠᠭ᠎ᠠ | ᠬᠠᠷᠢ ᠴᠢᠭᠤᠯᠭᠠᠨ | ᠬᠠᠷᠠᠴᠤ ᠢᠷᠭᠢᠨ | ᠬᠠᠮᠢᠭ᠎ᠠ ᠶᠠᠪᠤᠪᠠᠴᠤ | ᠬᠠᠭᠠᠯᠭ᠎ᠠ ᠬᠠᠳᠠᠪᠴᠢ ᠪᠠᠨ ᠳᠠᠷᠤᠬᠰᠠᠨ ᠢ | ᠬᠠᠷᠢᠨ ᠶᠡᠷᠦ ᠦᠵᠡᠭᠰᠡᠨ ᠦᠭᠡᠢ ᠪᠢᠯᠡ︕ | ᠬᠠᠮᠲᠤ ᠢᠷᠡᠭᠰᠡᠨ ᠵᠠᠷᠢᠮ ᠢ ᠨᠢ | ᠬᠠᠮᠤᠭ ᠲᠦᠷᠦᠭᠦᠨ ᠳᠤ ᠤᠷᠤᠭᠤᠯᠴᠢᠬᠠᠭᠠᠳ | ᠬᠠᠷᠠᠬᠠᠨ ᠭᠦᠷᠭᠡᠨ ᠭᠦᠦ ᠪᠢᠳᠠ ᠬᠤᠶᠠᠭᠤᠯᠠ ᠶᠢ | ᠬᠠᠭᠠᠭᠠᠵᠤ ᠠᠪᠤᠭᠠᠳ ᠶᠠᠭᠠᠬᠢᠬᠤ ᠭᠡᠰᠡᠨ ᠪᠤᠢ︖ | ᠪᠡᠷᠭᠡᠳ᠄ | ᠤᠮ ᠰᠠᠶᠢᠨ ᠠᠮᠤᠭᠤᠯᠠᠩ ᠲᠠᠨ ᠪᠤᠯᠳᠤᠭᠠᠢ︕ | ᠬᠠᠭᠠᠨ ᠲᠡᠭᠷᠢ ᠠᠴᠠ ᠵᠠᠶᠠᠭᠠᠲᠠᠢ | ᠬᠠᠭᠠᠯᠭᠠᠴᠢ ᠪᠡᠷᠭᠡᠳ ᠪᠢᠯᠡ᠂ | ᠬᠠᠰᠢ ᠭᠡᠷᠡᠭ ᠭᠦᠮᠦᠨ ᠢ | ᠤᠷᠤᠭᠤᠯᠳᠠᠭ ᠦᠭᠡᠢ ᠪᠡᠷᠭᠡᠳ ᠪᠢᠯᠡ᠂ | ᠡᠨᠡ ᠲᠡᠷᠡ ᠭᠦᠮᠦᠨ ᠢ | ᠤᠷᠤᠭᠤᠯᠳᠠᠭ ᠦᠭᠡᠢ ᠪᠡᠷᠭᠡᠳ ᠪᠢᠯᠡ᠂ | ᠡᠭᠦᠲᠡ ᠬᠠᠭᠠᠯᠭ᠎ᠠ ᠪᠠᠨ ᠳᠠᠷᠤᠨ᠎ᠠ ᠭᠡᠭᠴᠢ | ᠡᠷᠲᠡ ᠴᠠᠭ ᠤᠨ ᠶᠤᠰᠤᠨ ᠪᠢᠯᠡ᠂ | ᠪᠤᠱᠤᠭ᠎ᠠ ᠡᠭᠦᠲᠡ ᠪᠠᠨ ᠳᠠᠷᠤᠨ᠎ᠠ ᠭᠡᠭᠴᠢ | ᠪᠤᠬᠳᠠ ᠴᠢᠩᠭᠢᠰ ᠤᠨ ᠶᠤᠰᠤᠨ ᠪᠢᠯᠡ᠂ | ᠮᠠᠨ ᠤ ᠡᠨᠡ ᠤᠷᠤᠨ ᠳᠤ | ᠮᠠᠰᠢ ᠡᠷᠲᠡ ᠴᠠᠭ ᠠᠴᠠ ᠡᠭᠢᠯᠡᠨ | ᠮᠠᠩᠯᠠᠢ ᠲᠡᠭᠡᠲᠦ ᠶᠢᠨ ᠡᠷᠭᠢᠮ ᠶᠤᠰᠤ | ᠮᠤᠩᠭᠤᠯ ᠭᠦᠮᠦᠨ ᠤ ᠵᠠᠩ ᠭᠡᠪᠡᠯ᠄ | ᠬᠤᠯᠠ ᠶᠢᠨ ᠵᠤᠴᠢᠨ ᠢᠷᠡᠭᠦ ᠳᠤ ᠪᠠᠨ | ᠬᠤᠨᠤᠭ ᠤᠨ ᠭᠠᠵᠠᠷ ᠠᠴᠠ ᠮᠡᠳᠡᠭᠳᠡᠵᠦ | ᠤᠶᠢᠷ᠎ᠠ ᠶᠢᠨ ᠵᠤᠴᠢᠨ ᠢᠷᠡᠭᠦ ᠳᠤ ᠪᠠᠨ | ᠡᠲᠦᠷ ᠤᠨ ᠭᠠᠵᠠᠷ ᠠᠴᠠ ᠮᠡᠳᠡᠭᠳᠡᠳᠡᠭ᠃ | ᠮᠠᠨ ᠤ ᠶᠡᠭᠡ ᠠᠮᠪᠠᠴᠤᠳ | ᠤᠷᠤᠨ ᠨᠤᠲᠤᠭ ᠤᠨ ᠨᠤᠶᠠᠳ ᠤᠳ | ᠮᠠᠨ ᠢ ᠢᠷᠡᠭᠦᠯᠦᠨ ᠤᠬᠲᠤᠭᠤᠯᠵᠤ | ᠮᠠᠭᠠᠳ ᠤᠴᠢᠷ ᠢ ᠨᠢ ᠠᠰᠠᠭᠤᠭᠠᠳ | ᠲᠠᠪᠲᠠᠵᠤ ᠪᠠᠰᠠ ᠠᠰᠠᠭᠤᠭᠠᠳ | ᠲᠤᠲᠤᠷᠬᠠᠢ ᠰᠠᠶᠢᠬᠠᠨ ᠮᠡᠳᠡᠭᠦᠯᠵᠦ ᠢᠷ᠎ᠡ︕ ᠭᠡᠮᠡᠭᠰᠡᠨ ᠪᠢᠯᠡ᠃ | ᠡᠭᠦᠨ ᠠᠴᠠ ᠭᠠᠲᠠᠨ᠎ᠠ ᠪᠠᠰᠠ | ᠠ᠊ ᠲᠤᠯᠤᠭᠠᠢ ᠲᠠᠢ ᠠᠷᠪᠠᠨ ᠰᠠᠶᠢᠬᠠᠨ ᠦᠭᠡ | ᠲᠠ᠊ ᠲᠤᠯᠭᠠᠢ ᠲᠠᠢ ᠲᠠᠪᠤᠨ ᠰᠠᠶᠢᠬᠠᠨ ᠦᠭᠡ | ᠴᠢᠳᠠᠪᠠᠯ ᠵᠢᠷᠠᠨ ᠰᠠᠶᠢᠬᠠᠨ ᠦᠭᠡ | ᠶᠠᠳᠠᠪᠠᠯ ᠬᠤᠳᠠ ᠮᠢᠨᠢ ᠶᠠᠭᠠᠵᠤ ᠪᠤᠢ ᠳ᠋ᠠ︖ | ᠭᠡᠯᠡᠳᠡᠭ ᠢᠶᠠᠨ ᠭᠡᠯᠡᠪᠡᠯ ᠪᠤᠯᠴᠢᠨ᠎ᠠ | ᠴᠢᠭᠢᠨ ᠳᠤ ᠪᠠᠨ ᠴᠢᠮᠡᠭ ᠪᠤᠯᠭᠠᠵᠤ | ᠵᠢᠷᠦᠭᠡᠨ ᠳᠤ ᠪᠠᠨ ᠴᠡᠴᠡᠭ ᠲᠡᠯᠭᠡᠷᠡᠭᠦᠯᠦᠨ᠎ᠡ᠃ | ᠭᠦᠷᠭᠡᠨ ᠲᠠᠯ᠎ᠠ ᠶᠢᠨ ᠬᠤᠨᠵᠢᠨ᠄ | — ᠠ᠂ ᠪᠡᠯᠡᠭ ᠪᠠᠳᠠᠷᠠᠲᠤᠭᠠᠢ︕ | ᠠᠮᠤᠷ ᠮᠡᠨᠲᠦ ᠠᠰᠤᠷᠤ ᠰᠠᠶᠢᠨ᠂ | ᠠᠵᠠ ᠵᠢᠷᠭᠠᠯ ᠲᠡᠭᠦᠰ ᠰᠠᠶᠢᠨ | ᠠᠳᠤᠭᠤ ᠮᠠᠯ ᠲᠠᠷᠭᠤ ᠰᠠᠶᠢᠨ | ᠠᠮᠤ ᠪᠤᠳᠠᠭ᠎ᠠ ᠡᠯᠪᠡᠭ ᠰᠠᠶᠢᠨ | ᠠᠩ ᠭᠦᠷᠦᠭᠡᠨ ᠤ ᠤᠯᠠᠨ ᠰᠠᠶᠢᠨ | ᠠᠯᠢᠪᠠ ᠦᠢᠯᠡᠰ ᠤᠨ ᠪᠦᠲᠦᠮᠵᠢ ᠰᠠᠶᠢᠨ | ᠠᠭᠠᠯᠢ ᠵᠠᠩ ᠤᠨ ᠤᠰᠬᠠᠯ ᠰᠠᠶᠢᠨ | ᠠᠮᠠ ᠭᠡᠯᠡᠨ ᠤ ᠤᠷᠠᠨ ᠰᠠᠶᠢᠨ | ᠠᠬᠠᠢ ᠪᠡᠷᠭᠡᠳ ᠠᠷᠪᠠᠨ ᠰᠠᠶᠢᠨ ᠢ | ᠠᠬᠤᠯ ᠬᠤᠨᠵᠢᠨ ᠲᠠ ᠪᠢᠳᠠᠨᠠᠷ | ᠠᠷᠪᠠ ᠪᠠᠶᠢᠳᠤᠭᠠᠢ ᠬᠤᠷᠢ ᠴᠤ | ᠭᠡᠯᠡᠯᠴᠡᠵᠦ ᠦᠩᠭᠡᠷᠡᠭᠰᠡᠨ ᠪᠠᠶᠢᠯᠭᠦᠢ ᠳ᠋ᠠ | ᠲᠠᠯ᠎ᠠ ᠶᠢᠨ ᠭᠦᠷᠦᠭᠡᠰᠦᠨ ᠤ ᠲᠠᠷᠭᠤ ᠰᠠᠶᠢᠨ | ᠲᠠᠭᠠᠯᠤᠤᠷ ᠪᠡᠷᠭᠡᠳ ᠤᠨ ᠪᠡᠶ᠎ᠡ ᠰᠠᠶᠢᠨ | ᠲᠠ ᠪᠢᠲᠠ ᠲᠠᠨᠢᠯᠴᠠᠬᠰᠠᠨ ᠰᠠᠶᠢᠨ | ᠲᠠᠨ ᠤ ᠮᠠᠨ ᠤ ᠬᠤᠷᠢᠮ ᠰᠠᠶᠢᠨ | ᠲᠠ ᠪᠢᠲᠠ ᠵᠤᠯᠭᠠᠯᠴᠠᠬᠰᠠᠨ ᠠᠴᠠ ᠬᠤᠶᠢᠰᠢ | ᠲᠠᠪᠤ ᠪᠠᠶᠢᠳᠤᠭᠠᠢ ᠠᠷᠪᠠ ᠴᠤ | ᠶᠠᠷᠢᠯᠴᠠᠵᠤ ᠦᠩᠭᠡᠷᠡᠭᠰᠡᠨ ᠪᠠᠶᠢᠯᠭᠦᠢ ᠳ᠋ᠠ︕ | ᠶᠠᠷᠢᠯᠴᠠᠬᠰᠠᠨ ᠲᠠᠪᠤ᠂ ᠭᠡᠯᠡᠯᠴᠡᠭᠰᠡᠨ ᠠᠷᠪᠠ | ᠵᠢᠬᠰᠠᠭᠠᠨ ᠭᠡᠯᠡᠪᠡᠯ ᠡᠨᠡ ᠪᠢᠯᠡ︕ | ᠳᠡᠭᠡᠷ᠎ᠡ ᠨᠢ ᠪᠢ ᠪᠠᠰᠠ | ᠵᠢᠷᠭᠤᠭᠠᠨ ᠰᠠᠶᠢᠬᠠᠨ ᠤᠴᠢᠷ ᠢ ᠲᠤᠷᠠᠳᠤᠭᠠᠳ | ᠵᠢᠷᠠᠨ ᠰᠠᠶᠢᠬᠠᠨ ᠦᠭᠡᠰ ᠢ ᠲᠤᠪᠴᠢᠯᠠᠶ᠎ᠠ︕ | ᠠᠩᠬᠠᠳᠤᠭᠠᠷ ᠲᠤ ᠠᠬᠠᠢ ᠪᠡᠷᠭᠡᠳ ᠤᠨ | ᠠᠭᠠᠯᠢ ᠵᠠᠩ ᠠᠷᠪᠠᠨ ᠰᠠᠶᠢᠬᠠᠨ | ᠬᠤᠶᠠᠳᠤᠭᠠᠷ ᠲᠤ ᠬᠤᠨᠵᠢᠨ ᠪᠡᠷᠭᠡᠳ | ᠬᠤᠶᠠᠭᠤᠯᠠ ᠪᠠᠨ ᠬᠤᠷᠢᠨ ᠰᠠᠶᠢᠬᠠᠨ | ᠭᠤᠷᠪᠠᠳᠤᠭᠠᠷ ᠲᠤ ᠵᠢᠷᠤᠮ ᠶᠤᠰᠤ ᠪᠠᠷ | ᠨᠠᠶᠢᠷᠠᠯᠳᠤᠬᠰᠠᠨ ᠭᠤᠴᠢᠨ ᠰᠠᠶᠢᠬᠠᠨ | ᠳᠥᠷᠪᠡᠳᠥᠭᠡᠷ ᠲᠤ ᠲᠦᠷᠦᠯ ᠪᠦᠭᠦᠲᠡ ᠴᠤᠬᠯᠠᠷᠠᠨ | ᠪᠦᠷᠢᠲᠦᠭᠰᠡᠨ ᠲᠦᠴᠢᠨ ᠰᠠᠶᠢᠬᠠᠨ | ᠲᠠᠪᠤᠳᠤᠭᠠᠷ ᠲᠤ ᠳᠠᠭᠠᠯᠤᠤᠷ ᠪᠡᠷᠭᠡᠳ ᠲᠠᠢ | ᠲᠠᠨᠢᠯᠴᠠᠨ ᠤᠴᠠᠷᠠᠬᠰᠠᠨ ᠲᠠᠪᠢᠨ ᠰᠠᠶᠢᠬᠠᠨ | ᠵᠢᠷᠭᠤᠳᠤᠭᠠᠷ ᠲᠤ ᠤᠷᠤᠭ ᠬᠤᠷᠢᠮ ᠪᠤᠯᠵᠤ | ᠵᠢᠷᠭᠠᠯ ᠴᠡᠩᠭᠡᠯ ᠪᠢᠯᠬᠠᠬᠰᠠᠨ ᠵᠢᠷᠠᠨ ᠰᠠᠶᠢᠬᠠᠨ ᠢ | ᠡᠷᠭᠢᠮ ᠪᠡᠷᠭᠡᠳ ᠲᠠ ᠨᠠᠷ ᠲᠤ ᠪᠠᠨ | ᠴᠢᠭᠢᠨ ᠤ ᠴᠢᠮᠡᠭ ᠪᠤᠯᠭᠠᠨ | ᠵᠢᠷᠦᠭᠡᠨ ᠤ ᠴᠡᠴᠡᠭ ᠪᠤᠯᠭᠠᠨ ᠪᠠᠷᠢᠶ᠎ᠠ︕ | ᠪᠡᠷᠭᠡᠳ᠄ | — ᠪᠡᠯᠡᠭ ᠪᠠᠳᠠᠷᠠ︕ | ᠠᠷᠪᠠᠨ ᠰᠠᠷ᠎ᠠ ᠭᠡᠳᠡᠰᠦᠨ ᠳᠤ ᠪᠠᠨ ᠲᠡᠭᠡᠭᠡᠵᠦ | ᠠᠩᠭᠢᠷ ᠰᠢᠷ᠎ᠠ ᠤᠭᠤᠷᠠᠭ ᠢᠶᠠᠨ ᠭᠦᠭᠦᠭᠦᠯᠵᠦ ᠦᠰᠭᠡᠭᠰᠡᠨ | ᠬᠤᠷᠢᠨ ᠰᠠᠷ᠎ᠠ ᠬᠤᠷᠮᠤᠢ ᠳᠤ ᠪᠠᠨ ᠴᠤᠬᠯᠠᠵᠤ | ᠬᠤᠶᠠᠷ ᠭᠦᠯ ᠢ ᠨᠢ ᠭᠠᠵᠠᠷ ᠭᠡᠰᠭᠢᠭᠦᠯᠦᠭᠰᠡᠨ | ᠬᠤᠷᠤᠪᠴᠢ ᠪᠠ ᠦᠢᠯᠡ ᠪᠠᠨ ᠵᠢᠭᠠᠨ ᠰᠤᠷᠭᠠᠵᠤ | ᠬᠤᠷᠤᠭᠤ ᠭᠠᠷ ᠢ ᠨᠢ ᠤᠷᠠᠨ ᠡᠷᠳᠡᠮ ᠲᠠᠢ ᠪᠤᠯᠭᠠᠬᠰᠠᠨ | ᠠᠴᠢᠲᠤ ᠠᠪᠤ᠂ ᠡᠨᠡᠷᠢᠯᠲᠦ ᠡᠵᠢ | ᠬᠤᠪᠢᠲᠤ ᠪᠡᠷᠭᠡᠳ ᠤᠨ ᠠᠴᠢ ᠶᠢ ᠬᠠᠷᠢᠭᠤᠯᠬᠤ | ᠵᠠᠭᠤᠨ ᠵᠦᠢᠯ ᠤᠨ ᠢᠳᠡᠭᠡᠨ ᠢ ᠶᠠᠭᠠᠬᠢᠨ ᠪᠡᠯᠡᠳᠭᠡᠵᠦ ᠠᠪᠴᠢᠷᠠᠪᠠ︖ | ᠭᠦᠷᠭᠡᠨ ᠲᠠᠯ᠎ᠠ ᠶᠢᠨ ᠬᠤᠨᠵᠢᠨ᠄ | ᠵᠠ᠂ ᠪᠡᠯᠡᠭ ᠪᠠᠳᠠᠷᠠ︕ | ᠤᠮ ᠰᠠᠶᠢᠨ ᠠᠮᠤᠭᠤᠯᠠᠩ ᠲᠠᠨ ᠪᠤᠯᠲᠤᠭᠠᠢ︕ | ᠡᠩ ᠤᠷᠢᠲᠠ ᠡᠷᠲᠡ ᠨᠢᠭᠡᠨ ᠴᠠᠭ ᠲᠤ | ᠡᠵᠡᠨ ᠪᠤᠬᠲᠠ ᠴᠢᠩᠭᠢᠰ ᠬᠠᠭᠠᠨ | ᠪᠦᠷᠲᠡᠭᠡᠯᠵᠢᠨ ᠰᠡᠴᠡᠨ ᠬᠠᠲᠤᠨ ᠢᠶᠠᠨ | ᠪᠡᠶ᠎ᠡ ᠳᠤ ᠪᠠᠨ ᠡᠭᠦᠰᠭᠡᠨ ᠵᠠᠯᠠᠬᠤᠢ ᠲᠡᠷᠡ ᠴᠠᠭ ᠲᠤ | ᠭᠠᠷᠴᠤ ᠪᠤᠯᠤᠰᠢ ᠦᠭᠡᠢ ᠬᠠᠲᠠ ᠶᠢ ᠲᠠᠪᠠᠵᠤ | ᠭᠠᠲᠤᠯᠠᠵᠤ ᠪᠤᠯᠤᠰᠢ ᠦᠭᠡᠢ ᠡᠯᠡᠰᠦ ᠶᠢ ᠲᠤᠭᠤᠯᠤᠨ | ᠲᠠᠪᠤᠨ ᠵᠢᠯ ᠤᠨ ᠲᠠᠩᠰᠤᠭ | ᠶᠢᠰᠦᠨ ᠵᠦᠢᠯ ᠤᠨ ᠵᠢᠮᠰᠡᠭ ᠢᠶᠠᠷ | ᠲᠠᠯ᠎ᠠ ᠪᠡᠯᠡᠩ ᠪᠤᠯᠭᠠᠬᠰᠠᠨ ᠵᠢᠷᠤᠮ ᠢ ᠲᠠᠭᠠᠵᠤ᠄ | ᠵᠡᠭᠦᠨ ᠠᠭᠤᠯᠠ ᠶᠢᠨ ᠵᠦᠢᠯ ᠤᠨ ᠵᠢᠮᠢᠰ | ᠪᠠᠷᠠᠭᠤᠨ ᠠᠭᠤᠯᠠ ᠶᠢᠨ ᠪᠠᠯ ᠵᠢᠮᠢᠰ | ᠬᠤᠶᠢᠲᠤ ᠠᠭᠤᠯᠠ ᠶᠢᠨ ᠬᠤᠷᠭᠤᠯ ᠵᠢᠮᠢᠰ | ᠤᠷᠲᠤ ᠠᠭᠤᠯᠠ ᠶᠢᠨ ᠤᠷᠭᠤᠮᠠᠯ ᠵᠢᠮᠢᠰ | ᠬᠤᠶᠢᠲᠤ ᠬᠤᠲᠠ ᠶᠢᠨ ᠪᠤᠭᠤᠷᠰᠤᠭ | ᠬᠤᠶᠠᠷ ᠮᠢᠩᠭᠠᠨ ᠲᠠᠪᠤᠨ ᠵᠠᠭᠤ | ᠬᠠᠭᠤᠷᠤᠬᠰᠠᠨ ᠴᠠᠭᠠᠨ ᠠᠮᠤ | ᠬᠤᠷᠢᠨ ᠲᠠᠪᠤᠨ ᠰᠠᠭᠤᠯᠭ᠎ᠠ | ᠪᠤᠲᠤᠩ ᠪᠤᠲᠤᠩ ᠠᠷᠢᠭᠢ | ᠪᠦᠲᠦᠨ ᠪᠦᠲᠦᠨ ᠰᠢᠭᠦᠰᠦ ᠲᠠᠢ | ᠰᠡᠪᠡᠭ ᠰᠡᠪᠡᠭ ᠴᠠᠢ | ᠵᠢᠩ ᠵᠢᠯ ᠰᠢᠭᠢᠷ ᠲᠠᠢ | ᠴᠢᠪ ᠭᠡᠲᠡᠯ᠎ᠡ ᠲᠦᠭᠦᠷᠭᠡᠭᠡᠳ | ᠴᠢᠩᠭ᠎ᠠ ᠲᠠᠲᠠᠵᠤ ᠪᠤᠭᠤᠭᠠᠳ | ᠲᠡᠩᠨᠡᠵᠦ ᠰᠠᠶᠢᠬᠠᠨ ᠠᠴᠢᠭᠠᠳ | ᠲᠡᠨᠲᠡ ᠠᠴᠠ ᠠᠳᠡ ᠢᠷᠡᠵᠦ | ᠲᠡᠩᠭᠡᠭᠡ ᠮᠡᠲᠡᠨ ᠲᠠᠪᠤᠷᠢᠵᠤ ᠪᠠᠭᠤᠯᠭᠠᠭᠠᠳ | ᠭᠦᠷᠭᠡᠨ ᠭᠦᠦ ᠪᠢᠲᠠ ᠬᠤᠶᠠᠭᠤᠯᠠ ᠪᠠᠨ | ᠭᠦᠴᠦᠨ ᠭᠡᠭᠴᠢ ᠪᠠᠨ ᠭᠠᠷᠭᠠᠵᠤ | ᠭᠦᠯᠦᠰᠦ ᠪᠠᠨ ᠰᠢᠪᠬᠠᠨ ᠠᠪᠴᠢᠷᠠᠯ᠎ᠠ︕ | ᠲᠤᠯᠤᠭ ᠲᠡᠭᠡᠷ᠎ᠡ ᠭᠠᠷᠭᠠᠵᠤ | ᠲᠤᠭᠠᠯᠠᠵᠤ ᠠᠪᠤᠨ᠎ᠠ ᠤᠤ︖ | ᠲᠤᠯᠤᠮ ᠲᠠᠢ ᠰᠠᠪᠠ ᠲᠠᠢ ᠨᠢ | ᠲᠤᠰᠢᠶᠠᠵᠤ ᠠᠪᠤᠨ᠎ᠠ ᠤᠤ︖ | ᠪᠡᠷᠭᠡᠳ᠄ ᠲᠤᠯᠤᠮ ᠲᠠᠢ ᠰᠠᠪᠠ ᠲᠠᠢ ᠨᠢ | ᠲᠤᠰᠢᠶᠠᠵᠤ ᠠᠪᠤᠨ᠎ᠠ︕ | ᠨᠦᠭᠦᠭᠡ ᠪᠡᠷᠭᠡᠳ᠄ | ᠪᠤᠱᠤᠭ᠎ᠠ ᠮᠢᠨᠢ ᠦᠨᠳᠦᠷ ᠪᠤᠢ︕ | ᠪᠤᠷᠬᠠᠨ ᠮᠢᠨᠢ ᠲᠤᠬᠰᠢᠨ ᠪᠤᠢ︕ | ᠭᠠᠯ ᠮᠢᠨᠢ ᠬᠤᠪᠴᠢ ᠪᠤᠢ︕ | ᠭᠡᠦᠭᠡᠨ ᠮᠢᠨᠢ ᠡᠩᠭᠦᠷᠡᠢ ᠪᠤᠢ︕ | ᠨᠤᠬᠠᠢ ᠮᠢᠨᠢ ᠵᠠᠭᠤᠳᠠᠭ ᠪᠤᠢ︕ | ᠭᠦᠷᠭᠡᠨ ᠲᠠᠯ᠎ᠠ ᠶᠢᠨ ᠬᠤᠨᠵᠢᠨ᠄ | ᠪᠤᠱᠤᠭ᠎ᠠ ᠴᠢᠨᠢ ᠦᠨᠳᠦᠷ ᠪᠤᠯ | ᠠᠯᠬᠤᠵᠤ ᠤᠷᠤᠨ᠎ᠠ︕ | ᠪᠤᠷᠬᠠᠨ ᠴᠢᠨᠢ ᠲᠤᠬᠰᠢᠨ ᠪᠤᠯ | ᠵᠤᠯᠠ ᠨᠢᠨᠳᠠᠷ ᠪᠡᠯᠡᠭᠡᠨ︕ | ᠭᠡᠦᠭᠡᠨ ᠴᠢᠨᠢ ᠡᠩᠭᠦᠷᠡᠢ ᠪᠤᠯ | ᠭᠦᠷᠭᠡᠨ ᠴᠢᠨᠢ ᠪᠤᠢ︕ | ᠨᠤᠬᠠᠢ ᠴᠢᠨᠢ ᠲᠤᠬᠰᠢᠨ ᠪᠤᠯ | ᠪᠤᠭᠤᠷᠰᠤᠭ ᠮᠢᠬ᠎ᠠ ᠪᠡᠯᠡᠭᠡᠨ ᠪᠤᠢ︕ ᠭᠡᠳ ᠭᠦᠷᠭᠡᠨ ᠭᠦᠦ ᠬᠤᠶᠠᠭᠤᠯᠠ ᠭᠡᠷ ᠲᠤ ᠤᠷᠤᠨ᠎ᠠ᠃ | | | | ᠠᠰᠢᠬᠯᠠᠮᠵᠢ ᠪᠤᠯᠭᠠᠬᠰᠠᠨ ᠨᠤᠮ᠄ | ︽ᠤᠷᠲᠤᠰ ᠤᠨ ᠬᠤᠷᠢᠮ︾ ᠴᠡ᠊· ᠬᠠᠰᠪᠢᠯᠢᠭ᠍ᠲᠦ | ︽ᠤᠷᠲᠤᠰ ᠤᠨ ᠵᠠᠩ ᠠᠭᠠᠯᠢ︾ ᠰ᠊· ᠨᠠᠷᠠᠰᠤᠨ | ︽ᠬᠤᠨᠵᠢᠨ ᠳᠡᠪᠲᠡᠷ ᠤᠷᠤᠰᠢᠪᠠᠢ︾ ᠮᠦᠩᠭᠡᠳᠠᠯᠠᠢ | ︽ᠤᠷᠲᠤᠰ ᠤᠨ ᠬᠠᠩᠭᠢᠨ ᠬᠤᠷᠢᠮ︾ ᠳ᠋᠊· ᠨᠠᠮᠰᠠᠷᠠᠶᠢᠵᠠᠪ ᠪ᠊· ᠠᠮᠤᠷ᠎ᠠ | | | | |