ᠡᠵᠡᠨ ᠬᠤᠷᠤᠭ᠎ᠠ ᠬᠤᠰᠢᠭᠤᠨ ᠤ ᠠᠩᠬᠠᠨ ᠤ ᠰᠢᠭᠰᠢᠯᠳᠡ ᠶᠢᠨ ᠠᠷᠭ᠎ᠠ ᠶᠢᠨ ᠴᠢᠨᠠᠷᠲᠠᠶ 1 ᠬᠥᠮᠦᠨ ᠢ ᠢᠯᠡᠷᠡᠬᠦᠯᠦᠭᠰᠡᠨ ᠲᠤᠬᠠᠶ ᠵᠠᠷᠯᠠᠯ〔2022〕45 ᠳ᠋ᠤᠭᠠᠷ ᠲᠣᠭᠠᠲᠤ
ᠨᠡᠶᠢᠲᠡᠯᠡᠭᠰᠡᠨ ᠴᠠᠭ᠄
2022/9/3
ᠡᠵᠡᠨ ᠬᠤᠷᠤᠭ᠎ᠠ ᠬᠤᠰᠢᠭᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠤᠨ ᠠᠷᠭ᠎ᠠ ᠴᠢᠨᠠᠷ ᠢᠯᠡᠷᠡᠭᠰᠡᠨ 1 ᠬᠥᠮᠦᠨ ᠢ ᠢᠯᠡᠷᠡᠬᠦᠯᠦᠭᠰᠡᠨ ᠲᠤᠬᠠᠶ ᠵᠠᠷᠯᠠᠯ                 〔2022〕45 ᠳ᠋ᠤᠭᠠᠷ ᠲᠣᠭᠠᠲᠤ            9 ᠳ᠋ᠣᠭᠡᠷ ᠰᠠᠷ᠎ᠠ ᠶᠢᠨ 1᠎ ᠤ ᠡᠳᠦᠷ ᠤᠨ 18 ᠴᠠᠭ 30 ᠮᠢᠨᠦ᠋ᠲ ᠲᠤ᠂ ᠡᠵᠡᠨ ᠬᠤᠷᠤᠭ᠎ᠠ ᠬᠤᠰᠢᠭᠤᠨ ᠤ ᠨᠠᠷᠢᠨᠳᠤᠬᠤᠢ ᠪᠠᠯᠭᠠᠰᠤ ︵10᠄ 1︶᠎ ᠶᠢᠨ ᠠᠩᠬᠠᠨ ᠤ ᠰᠢᠭᠰᠢᠯᠳᠡ ᠨᠢ ᠠᠷᠭ᠎ᠠ ᠶᠢᠨ ᠴᠢᠨᠠᠷ ᠢ ᠢᠯᠡᠷᠡᠬᠦᠯᠵᠦ᠂ 9 ᠳ᠋ᠣᠭᠡᠷ ᠰᠠᠷ᠎ᠠ ᠶᠢᠨ 2᠎ ᠤᠨ ᠡᠳᠦᠷ ᠤᠨ 0 ᠴᠠᠭ 40 ᠮᠢᠨᠦ᠋ᠲ ᠲᠤ᠂ ᠬᠤᠰᠢᠭᠤᠨ ᠤ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ ᠠᠴᠠ ᠬᠤᠯᠢᠮᠠᠭ ᠦᠯᠢᠬᠡᠷ ᠤᠨ ᠬᠦᠮᠦᠰ ᠢ ᠲᠤᠰᠠᠭᠠᠷ ᠦᠯᠢᠬᠡᠷ ᠠᠪᠴᠤ ᠬᠢᠨᠠᠵᠤ᠂ ᠡᠭᠦᠨ ᠳᠤ 1 ᠬᠥᠮᠦᠨ ᠤ ᠠᠩᠬᠠᠨ ᠤ ᠰᠢᠭᠰᠢᠯᠳᠡ ᠨᠢ ᠠᠷᠭ᠎ᠠ ᠶᠢᠨ ᠴᠢᠨᠠᠷᠲᠠᠶ ᠪᠠᠶᠢᠵᠤ᠂ 9 ᠳ᠋ᠣᠭᠡᠷ ᠰᠠᠷ᠎ᠠ ᠶᠢᠨ 2᠎ ᠤᠨ ᠡᠳᠦᠷ ᠤᠨ 1 ᠴᠠᠭ 20 ᠮᠢᠨᠦ᠋ᠲ ᠲᠤ᠂ ᠬᠤᠲᠠ ᠶᠢᠨ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ ᠠᠴᠠ ᠳᠠᠬᠢᠨ ᠬᠠᠷᠭᠤᠭᠤᠯᠤᠭᠠᠳ ᠠᠷᠭ᠎ᠠ ᠴᠢᠨᠠᠷᠲᠠᠶ ᠪᠣᠯᠪᠠ᠃ ᠤᠳᠤ ᠬᠤᠯᠪᠣᠭᠳᠠᠯ ᠪᠦᠬᠦᠢ ᠪᠠᠶᠢᠳᠠᠯ ᠢ ᠳᠣᠣᠷᠠᠬᠢ ᠮᠡᠲᠦ ᠮᠡᠳᠡᠭᠳᠡᠶ᠎ᠡ᠄      ᠠᠩᠬᠠᠨ ᠤ ᠰᠢᠭᠰᠢᠯᠳᠡ ᠶᠢᠨ ᠠᠷᠭ᠎ᠠ ᠶᠢᠨ ᠴᠢᠨᠠᠷᠲᠠᠶ ᠬᠦᠮᠦᠨ᠄ ᠴᠧᠨ ᠣᠪᠣᠭᠲᠤ᠂ ᠡᠷᠡᠭᠲᠡᠶ᠂ 32 ᠨᠠᠰᠤᠲᠠᠶ᠂ ᠨᠢᠭᠡᠨᠲᠡ 3 ᠤᠳᠠᠭ᠎ᠠ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠸᠠᠺᠼᠢᠨ ᠲᠠᠷᠢᠵᠦ᠂ ᠣᠲᠣ ᠨᠢᠭᠡᠨᠲᠡ ᠲᠣᠭᠲᠠᠭᠰᠠᠨ ᠡᠮᠨᠡᠯᠭᠡ ᠶᠢᠨ ᠬᠤᠷᠢᠶ᠎ᠠ ᠳᠤ ᠰᠢᠯᠵᠢᠭᠦᠯᠦᠨ ᠲᠤᠰᠠᠭᠠᠷᠯᠠᠨ ᠠᠵᠢᠭᠯᠠᠵᠤ ᠪᠠᠶᠢᠨ᠎ᠠ᠃      ᠴᠧᠨ ᠣᠪᠣᠭᠲᠤ ᠶᠢᠨ ᠥᠪᠡᠷ ᠤᠨ ᠲᠤᠭᠠᠴᠠᠯᠲᠠ ᠶᠢ ᠦᠨᠳᠦᠰᠦᠯᠡᠪᠡᠯ᠄      8 ᠳ᠋ᠣᠭᠠᠷ ᠰᠠᠷ᠎ᠠ ᠶᠢᠨ 29᠎ ᠤ ᠡᠳᠦᠷ᠄ ᠳ᠋ᠦ᠋ ᠣᠪᠣᠭᠲᠤ ᠲᠠᠢ ᠬᠠᠮᠲᠤ ᠥᠪᠡᠷ ᠤᠨ ᠲᠡᠷᠬᠡ ᠪᠠᠷ ᠱᠠᠨᠳᠦ᠋ᠩ ᠮᠤᠵᠢ ᠶᠢᠨ ᠾᠧ ᠽᠧ ᠬᠤᠲᠠ ᠠᠴᠠ ᠡᠵᠡᠨ ᠬᠤᠷᠤᠭ᠎ᠠ ᠬᠤᠰᠢᠭᠤᠨ ᠳᠤ ᠪᠤᠴᠠᠵᠤ᠂ 23 ᠴᠠᠭ 37 ᠮᠢᠨᠦ᠋ᠲ ᠲᠤ ᠪᠤᠭᠤᠳᠤ ᠠᠴᠠ ᠮᠤᠤᠮᠢᠩ ᠬᠦᠷᠬᠦ ᠲᠦᠷᠭᠡᠨ  ᠎ ᠤ ᠵᠠᠮ ᠤᠨ ᠠᠯᠳᠠᠨᠰᠢᠷᠡᠭᠡ ᠪᠠᠯᠭᠠᠰᠤᠨ ᠤ ᠭᠠᠷᠬᠤ ᠠᠮᠠᠰᠠᠷ ᠲᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠬᠢᠵᠦ᠂ ᠰᠡᠭᠦᠯᠡᠷ ᠨᠢ ᠬᠤᠶᠠᠭᠤᠯᠠ ᠪᠠᠨ ᠦᠪᠡᠷ ᠤᠨ ᠲᠡᠷᠬᠡ ᠪᠠᠷ ᠣᠷᠳᠣᠰ ᠤᠨ ᠬᠤᠶᠠᠳᠤᠭᠠᠷ ᠠᠷᠠᠳ ᠤᠨ ᠡᠮᠨᠡᠯᠭᠡ ᠶᠢᠨ ᠬᠤᠷᠢᠶᠠᠨ ᠤ ᠠᠭᠠᠷ ᠠᠶᠠᠯᠠᠯ ᠤᠨ ᠭᠠᠷᠠᠮ ᠳᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ︵ᠥᠯᠢᠭᠡᠷ ᠠᠪᠬᠤ ᠴᠠᠭ 23 ᠴᠠᠭ 42 ᠮᠢᠨᠦ᠋ᠲ︶ ᠬᠢᠵᠦ᠂ ᠬᠤᠶᠠᠷ ᠤᠳᠠᠭᠠᠨ ᠤ ᠪᠥᠭᠡᠮ ᠬᠦᠴᠢᠯ ᠤᠨ ᠰᠢᠯᠭᠠᠨ ᠪᠠᠶᠢᠴᠠᠭᠠᠯᠲᠠ ᠶᠢᠨ ᠦᠷ᠎ᠡ ᠳ᠋ᠦᠩ ᠨᠢ ᠴᠥᠮ ᠪᠢᠯᠢᠭ ᠴᠢᠨᠠᠷᠲᠠᠶ ᠪᠠᠶᠢᠪᠠ᠃      8 ᠳ᠋ᠤᠭᠠᠷ ᠰᠠᠷ᠎ᠠ ᠶᠢᠨ 30᠎ ᠤ ᠡᠳᠦᠷ᠄ 0 ᠴᠠᠭ ᠤᠨ ᠦᠶ᠎ᠡ ᠪᠠᠷ ᠣᠷᠳᠣᠰ ᠬᠤᠲᠠ ᠶᠢᠨ ᠬᠤᠶᠠᠳᠤᠭᠠᠷ ᠠᠷᠠᠳ ᠤᠨ ᠡᠮᠨᠡᠯᠭᠡ ᠶᠢᠨ ᠬᠤᠷᠢᠶ᠎ᠠ ᠶᠢᠨ ᠣᠶᠢᠷᠠᠯᠴᠠᠭ᠎ᠠ ᠪᠠᠶᠢᠭ᠎ᠠ ᠯᠢ ᠹᠧᠩ ᠲᠣᠰᠣ ᠨᠡᠮᠡᠬᠦ ᠥᠷᠲᠡᠭᠡ ᠳᠤ ᠬᠦᠷᠴᠦ᠂ ᠳᠠᠷᠠᠭ᠎ᠠ ᠨᠢ ᠦᠪᠡᠷ ᠤᠨ ᠲᠡᠷᠬᠡ ᠪᠠᠷ ᠨᠠᠷᠢᠨᠳᠤᠬᠤᠢ ᠪᠠᠯᠭᠠᠰᠤ ᠶᠢᠨ ᠶᠠᠪᠠᠭᠠᠨ ᠵᠡᠭᠡᠯᠢ ᠳᠠᠬᠢ ᠬᠡᠷ ︵ᠬᠠᠭᠤᠴᠢᠨ ᠶᠠᠪᠠᠭᠠᠨ ᠵᠡᠭᠡᠯᠢ︶᠎ ᠲᠤ ᠪᠠᠨ ᠪᠤᠴᠠᠪᠠ᠃ 5 ᠴᠠᠭ 40 ᠮᠢᠨᠦ᠋ᠲ ᠤᠨ ᠦᠶ᠎ᠡ ᠪᠠᠷ  ᠬᠤᠤ ᠵᠸᠦ ᠳ᠋ᠣᠣ ᠬᠠᠭᠠᠷᠢᠭᠰᠠᠨ ᠪᠤᠤᠰᠠ ᠶᠢᠨ ᠳᠡᠯᠭᠡᠭᠦᠷ ᠲᠤ ᠥᠷᠯᠥᠭᠡᠨ ᠤ ᠬᠤᠭᠤᠯᠠ ᠢᠳᠡᠵᠦ᠂ 6 ᠴᠠᠭ ᠤᠨ ᠦᠶ᠎ᠡ ᠪᠠᠷ ᠦᠪᠡᠷ ᠤᠨ ᠲᠡᠷᠭᠡ ᠪᠠᠷ ᠠᠷᠤ ᠸᠧᠨ ᠵᠢᠶᠠ ᠯᠢᠶᠠᠩ ᠨᠡᠭᠦᠷᠡᠰᠦᠨ ᠠᠭᠤᠷᠬᠠᠶ ᠳᠤ ᠠᠵᠢᠯᠯᠠᠵᠤ᠂ 11 ᠴᠠᠭ 30 ᠮᠢᠨᠦ᠋ᠲ ᠲᠤ ᠠᠵᠢᠯ ᠠᠴᠠ ᠪᠠᠭᠤᠵᠤ ᠠᠵᠢᠯ ᠳᠤ ᠭᠠᠷᠬᠤ ᠲᠡᠷᠭᠡ ᠪᠠᠷ ᠠᠷᠤ ᠸᠧᠨ ᠵᠢᠶᠠ ᠯᠢᠶᠠᠩ ᠤᠨ ᠨᠡᠭᠦᠷᠡᠰᠦᠨ ᠠᠭᠤᠷᠬᠠᠶ ᠶᠢᠨ ᠨᠢᠬᠡᠴᠢ ᠶᠢᠨ ᠬᠤᠭᠤᠯᠠᠨ ᠭᠡᠷ ᠲᠤ ᠬᠦᠷᠴᠦ᠂ 13 ᠴᠠᠭ 50 ᠮᠢᠨᠦ᠋ᠲ ᠲᠤ ᠠᠵᠢᠯ ᠳᠤ ᠭᠠᠷᠬᠤ ᠲᠡᠷᠬᠡ ᠪᠠᠷ ᠠᠷᠤ ᠸᠧᠨ ᠵᠢᠶᠠ ᠯᠢᠶᠠᠩ ᠤᠨ ᠨᠡᠭᠦᠷᠡᠰᠦᠨ ᠠᠭᠤᠷᠬᠠᠶ ᠳᠤ ᠠᠵᠢᠯᠯᠠᠵᠤ᠂ 20 ᠴᠠᠭ 30 ᠮᠢᠨᠦ᠋ᠲ ᠲᠤ ᠠᠵᠢᠯ ᠠᠴᠠ ᠪᠠᠭᠤᠵᠤ᠂ 20 ᠴᠠᠭ 50 ᠮᠢᠨᠦ᠋ᠲ ᠠᠴᠠ 21 ᠴᠠᠭ 32 ᠮᠢᠨᠦ᠋ᠲ ᠲᠤ ᠨᠠᠷᠢᠨᠳᠤᠬᠤᠢ ᠪᠠᠯᠭᠠᠰᠤᠨ ᠤ ᠼᠦᠩ ᠯᠢᠨ ᠯᠠᠩ ᠬᠤᠭᠤᠯᠠᠨ ᠬᠡᠷ ᠲᠤ ᠬᠤᠭᠤᠯᠠᠯᠵᠤ᠂ ᠬᠤᠭᠤᠯᠠᠨ ᠤ ᠳᠠᠷᠠᠭ᠎ᠠ ᠥᠪᠡᠷ ᠤᠨ ᠲᠡᠷᠬᠡ ᠪᠠᠷ ᠠᠷᠤ ᠸᠧᠨ ᠵᠢᠶᠠ ᠯᠢᠶᠠᠩ ᠨᠡᠭᠦᠷᠡᠰᠦᠨ ᠠᠭᠤᠷᠬᠠᠶ ᠶᠢᠨ ᠪᠠᠶᠢᠷᠢ ᠳᠤ ᠤᠴᠢᠵᠤ᠂ 22 ᠴᠠᠭ 40 ᠮᠢᠨᠦ᠋ᠲ ᠤᠨ ᠦᠶ᠎ᠡ ᠪᠠᠷ ᠸᠠᠢ ᠪᠦᠦ ᠪᠦᠷᠢᠨ ᠪᠠᠷᠠᠭᠠᠲᠤ ᠳᠡᠯᠭᠡᠭᠦᠷ ︵ᠲᠣᠮᠢᠯᠠᠭᠰᠠᠨ ᠰᠠᠯᠪᠤᠷᠢ ᠶᠢᠨ ᠵᠢᠰᠢᠭᠦᠦ ᠡᠰᠡᠷᠭᠦ ᠲᠠᠯ᠎ᠠ︶᠎ ᠲᠤ ᠬᠦᠷᠴᠦ ᠪᠠᠷᠠᠭ᠎ᠠ ᠬᠤᠳᠠᠯᠳᠤᠨ ᠠᠪᠴᠤ᠂ ᠰᠡᠭᠦᠯᠡᠷ ᠨᠢ ᠶᠠᠪᠠᠭᠠᠨ ᠵᠡᠭᠡᠯᠢ ᠶᠢᠨ ᠱᠤ᠋ ᠳ᠋ᠤᠤ ᠤᠬᠢᠶᠠᠯᠭ᠎ᠠ ᠢᠯᠢᠯᠬᠡ ᠶᠢᠨ ᠲᠥᠪ ᠤᠨ ᠣᠷᠴᠢᠮ ᠤᠨ ᠨᠡᠶᠢᠲᠡ ᠶᠢᠨ ᠵᠣᠷᠯᠣᠩ ᠳᠤ ᠤᠷᠤᠵᠤ᠂ 22 ᠴᠠᠭ 45 ᠮᠢᠨᠦ᠋ᠲ ᠠᠴᠠ 23 ᠴᠠᠭ 06 ᠮᠢᠨᠦ᠋ᠲ ᠲᠤ ᠶᠠᠪᠠᠭᠠᠨ ᠵᠡᠭᠡᠯᠢ ᠶᠢᠨ ᠱᠤ᠋ ᠳ᠋ᠤᠤ ᠤᠬᠢᠶᠠᠯᠭ᠎ᠠ ᠢᠯᠢᠬᠡ ᠶᠢᠨ ᠲᠥᠪ᠂ ᠰᠡᠭᠦᠯᠡᠷ ᠨᠡᠭᠦᠷᠡᠰᠦᠨ ᠠᠭᠤᠷᠬᠠᠶ ᠶᠢᠨ ᠪᠠᠶᠢᠷᠢ ᠳᠠᠭᠠᠨ  ᠬᠠᠷᠢᠪᠠ᠃      8 ᠳ᠋ᠣᠭᠠᠷ ᠰᠠᠷ᠎ᠠ ᠶᠢᠨ 31᠎ ᠤ ᠡᠳᠦᠷ᠄ 5 ᠴᠠᠭ 20 ᠮᠢᠨᠦ᠋ᠲ ᠣᠷᠴᠢᠮ᠂ ᠠᠷᠤ ᠸᠧᠨ ᠵᠢᠶᠠ ᠯᠢᠶᠠᠩ ᠨᠡᠭᠦᠷᠡᠰᠦᠨ ᠠᠭᠤᠷᠬᠠᠶ ᠶᠢᠨ ᠬᠤᠭᠤᠯᠠᠨ ᠭᠡᠷ ᠲᠤ ᠥᠷᠯᠥᠭᠡᠨ ᠤ ᠬᠤᠭᠤᠯᠠ ᠢᠳᠡᠵᠦ᠂ 5 ᠴᠠᠭ 40 ᠮᠢᠨᠦ᠋ᠲ ᠲᠤ ᠠᠵᠢᠯ ᠳᠤ ᠭᠠᠷᠬᠤ ᠲᠡᠷᠬᠡ ᠪᠠᠷ ᠠᠷᠤ ᠸᠧᠨ ᠵᠢᠶᠠ ᠯᠢᠶᠠᠩ ᠤᠨ ᠨᠡᠭᠦᠷᠡᠰᠦᠨ ᠠᠭᠤᠷᠬᠠᠶ ᠳᠤ ᠠᠵᠢᠯᠯᠠᠵᠤ  ᠂ 11 ᠴᠠᠭ 40 ᠮᠢᠨᠦ᠋ᠲ ᠲᠤ ᠠᠵᠢᠯ ᠠᠴᠠ ᠪᠠᠭᠤᠵᠤ ᠠᠵᠢᠯ ᠳᠤ ᠭᠠᠷᠬᠤ  ᠲᠡᠷᠬᠡ ᠪᠠᠷ ᠠᠷᠤ ᠸᠧᠨ ᠵᠢᠶᠠ ᠯᠢᠶᠠᠩ ᠤᠨ ᠨᠡᠭᠦᠷᠡᠰᠦᠨ ᠠᠭᠤᠷᠬᠠᠶ ᠶᠢᠨ ᠪᠠᠶᠢᠷᠢ ᠶᠢᠨ ᠲᠣᠭᠤᠷᠢᠭ ᠲᠤ ᠤᠴᠢᠵᠤ᠂ ᠪᠠᠶᠢᠭᠤᠯᠭ᠎ᠠ ᠶᠢᠨ ᠬᠤᠭᠤᠯᠠᠨ ᠭᠡᠷ ᠠᠴᠠ ᠬᠤᠭᠤᠯᠠ ᠪᠠᠨ ᠠᠪᠴᠤ ᠪᠠᠶᠢᠷᠢ ᠳᠠᠭᠠᠨ ᠢᠳᠡᠵᠦ᠂ 13 ᠴᠠᠭ 13 ᠮᠢᠨᠦ᠋ᠲ ᠲᠤ ᠥᠪᠡᠷ ᠤᠨ ᠲᠡᠷᠭᠡ ᠪᠠᠷ ᠲᠣᠰᠣᠨ ᠬᠥᠭᠡᠷᠭᠡ ᠲᠤᠬᠢᠷᠠᠭᠤᠯᠵᠤ ᠳᠠᠷᠤᠯᠲᠠ ᠨᠡᠮᠡᠭᠳᠡᠭᠦᠯᠬᠦ ᠫᠦᠰᠡ ︵ᠺᠠᠶ ᠯᠢ ᠳ᠋ᠡ ᠶᠢᠨ ᠡᠰᠡᠷᠭᠦ ᠲᠠᠯ᠎ᠠ︶᠎ ᠳᠤ ᠬᠦᠷᠴᠦ ᠪᠠᠷᠠᠭ᠎ᠠ ᠬᠤᠳᠠᠯᠳᠤᠨ  ᠠᠪᠴᠤ᠂ ᠲᠠᠷᠠᠭ᠎ᠠ ᠨᠢ ᠦᠪᠡᠷ ᠤᠨ ᠲᠡᠷᠬᠡ ᠪᠠᠷ ᠠᠷᠤ ᠸᠧᠨ ᠵᠢᠶᠠ ᠯᠢᠶᠠᠩ ᠨᠡᠭᠦᠷᠡᠰᠦᠨ ᠠᠭᠤᠷᠬᠠᠶ ᠳᠤ ᠠᠵᠢᠯᠯᠠᠵᠤ᠂ 19 ᠴᠠᠭ ᠣᠷᠴᠢᠮ ᠠᠵᠢᠯ ᠠᠴᠠ ᠪᠠᠭᠤᠵᠤ ᠠᠵᠢᠯ ᠳᠤ ᠭᠠᠷᠬᠤ ᠲᠡᠷᠬᠡ ᠪᠠᠷ ᠠᠷᠤ ᠸᠧᠨ ᠵᠢᠶᠠ ᠯᠢᠶᠠᠩ ᠤᠨ ᠨᠡᠭᠦᠷᠡᠰᠦᠨ ᠠᠭᠤᠷᠬᠠᠶ ᠶᠢᠨ ᠪᠠᠶᠢᠷᠢ ᠶᠢᠨ ᠲᠣᠭᠤᠷᠢᠭ ᠲᠤ ᠬᠦᠷᠴᠦ᠂ ᠲᠠᠷᠠᠭ᠎ᠠ ᠨᠢ ᠦᠪᠡᠷ ᠤᠨ ᠲᠡᠷᠬᠡ ᠪᠠᠷ ᠨᠠᠷᠢᠨᠳᠤᠬᠤᠢ ᠪᠠᠯᠭᠠᠰᠤᠨ ᠤ ᠲᠣᠭᠤᠷᠢᠭ ᠲᠤ ᠬᠦᠷᠴᠦ᠂ 19 ᠴᠠᠭ 50 ᠮᠢᠨᠦ᠋ᠲ ᠲᠤ ᠷᠦᠢ ᠯᠦᠩ ᠨᠠᠷᠠᠲᠤ ᠠᠷᠢᠬᠢ ᠲᠠᠮᠠᠬᠢᠨ ᠤ ᠳᠡᠯᠭᠡᠭᠦᠷ ᠠᠴᠠ ᠪᠠᠷᠠᠭ᠎ᠠ ᠬᠤᠳᠠᠯᠳᠤᠨ ᠠᠪᠴᠤ᠂ ᠲᠠᠷᠠᠭ᠎ᠠ ᠨᠢ ᠨᠡᠭᠦᠷᠡᠰᠦᠨ ᠠᠭᠤᠷᠬᠠᠶ ᠶᠢᠨ ᠠᠮᠢᠳᠤᠷᠠᠯ ᠤᠨ ᠲᠣᠭᠤᠷᠢᠭ ᠤᠨ ᠪᠠᠶᠢᠷᠢ ᠳᠤ ᠬᠠᠷᠢᠵᠤ᠂ 21 ᠴᠠᠭ 40 ᠮᠢᠨᠦ᠋ᠲ ᠤᠨ ᠦᠶ᠎ᠡ ᠪᠠᠷ ᠦᠪᠡᠷ ᠤᠨ ᠲᠡᠷᠬᠡ ᠪᠠᠷ ᠢᠶᠠᠨ ᠪᠢᠶᠠᠨ ᠵᠢᠶᠠ ᠬᠤᠤ ᠲᠣᠰᠬᠤᠨ ᠤ ᠳᠠᠮᠵᠢᠯᠭ᠎ᠠ ᠶᠢ ᠲᠤᠬᠢᠷᠠᠭᠤᠯᠬᠤ ᠰᠡᠯᠪᠢᠭ ᠲᠣᠨᠤᠭ ᠤᠨ ᠳᠡᠯᠭᠡᠭᠦᠷ ᠲᠤ ᠬᠦᠷᠴᠦ᠂ ᠲᠠᠷᠠᠭ᠎ᠠ ᠨᠢ ᠭᠦᠩ ᠵᠢᠶᠠ ᠲᠠ ᠲᠣᠰᠬᠤᠨ ᠤ ᠤᠢᠢᠷ᠎ᠠ ᠬᠠᠪᠢ ᠶᠢᠨ ᠨᠢᠭᠡᠳᠦᠭᠡᠷ ᠮᠠᠰᠢᠨ ᠬᠤᠶᠠᠳᠤᠭᠠᠷ ᠮᠠᠰᠢᠨ ᠬᠦᠨᠳᠦ ᠠᠴᠢᠶᠠᠨ ᠤ ᠮᠠᠰᠢᠨ ᠤ ᠰᠡᠯᠪᠢᠭ ᠲᠤᠨᠤᠭ ᠤᠨ ᠳᠡᠯᠭᠡᠭᠦᠷ ᠠᠴᠠ ᠪᠠᠷᠠᠭ᠎ᠠ ᠬᠤᠳᠠᠯᠳᠤᠨ ᠠᠪᠤᠪᠠ᠃      9 ᠳ᠋ᠣᠭᠡᠷ ᠰᠠᠷ᠎ᠠ ᠶᠢᠨ 1᠎ ᠤ ᠡᠳᠦᠷ᠄ 0 ᠴᠠᠭ 40 ᠮᠢᠨᠦ᠋ᠲ ᠲᠤ ᠠᠷᠤ ᠸᠧᠨ ᠵᠢᠶᠠ ᠯᠢᠶᠠᠩ ᠤᠨ ᠨᠡᠭᠦᠷᠡᠰᠦᠨ ᠠᠭᠤᠷᠬᠠᠶ ᠶᠢᠨ ᠠᠮᠢᠳᠤᠷᠠᠯ ᠤᠨ ᠲᠣᠭᠤᠷᠢᠭ ᠲᠤ ᠬᠠᠷᠢᠵᠤ ᠠᠮᠠᠷᠠᠪᠠ᠃ 5 ᠴᠠᠭ 40 ᠮᠢᠨᠦ᠋ᠲ ᠤᠨ ᠦᠶ᠎ᠡ ᠪᠠᠷ ᠨᠢᠬᠡᠴᠢ ᠶᠢᠨ ᠬᠤᠭᠤᠯᠠᠨ ᠬᠡᠷ ᠲᠤ ᠥᠷᠯᠥᠭᠡ ᠶᠢᠨ ᠬᠤᠭᠤᠯᠠ ᠢᠳᠡᠵᠦ᠂ ᠳᠠᠷᠠᠭ᠎ᠠ ᠨᠢ ᠠᠵᠢᠯ ᠳᠤ ᠭᠠᠷᠬᠤ ᠲᠡᠷᠬᠡ ᠪᠠᠷ ᠠᠷᠣ ᠸᠧᠨ ᠵᠢᠶᠠ ᠯᠢᠶᠠᠩ ᠨᠡᠭᠦᠷᠡᠰᠦᠨ ᠠᠭᠤᠷᠬᠠᠶ ᠳᠤ ᠬᠦᠷᠴᠦ ᠠᠵᠢᠯᠯᠠᠨ᠂ 11 ᠴᠠᠭ ᠣᠷᠴᠢᠮ ᠠᠵᠢᠯ ᠠᠴᠠ ᠪᠠᠨ ᠪᠠᠭᠤᠵᠤ᠂ 11 ᠴᠠᠭ 28 ᠮᠢᠨᠦ᠋ᠲ ᠤᠨ ᠦᠶ᠎ᠡ ᠪᠠᠷ ᠦᠪᠡᠷ ᠤᠨ ᠲᠡᠷᠬᠡ ᠪᠠᠷ ᠰᠢᠨ ᠶᠤᠸᠠᠨ ᠴᠢᠯᠦᠬᠡᠳᠦ ᠳᠡᠯᠭᠡᠭᠦᠷ ᠠᠴᠠ ᠪᠠᠷᠠᠭ᠎ᠠ ᠬᠤᠳᠠᠯᠳᠤᠨ ᠠᠪᠴᠤ᠂ ᠳᠠᠷᠠᠭ᠎ᠠ ᠨᠢ ᠶᠠᠪᠠᠭᠠᠨ ᠢᠶᠠᠷ ᠰᠢᠶᠠᠩ ᠮᠢᠨ ᠡᠮᠨᠡᠯᠭᠡ ᠶᠢᠨ ᠬᠤᠷᠢᠶ᠎ᠠ ᠳᠤ ᠬᠦᠷᠴᠦ ᠪᠥᠭᠡᠮ ᠬᠦᠴᠢᠯ ᠤᠨ ᠥᠯᠢᠭᠡᠷ ᠬᠡᠪ ᠠᠪᠴᠤ᠂ 11 ᠴᠠᠭ 40 ᠮᠢᠨᠦ᠋ᠲ ᠤᠨ ᠦᠶ᠎ᠡ ᠪᠠᠷ ᠦᠪᠡᠷ ᠤᠨ ᠲᠡᠷᠬᠡ ᠪᠠᠷ ᠨᠠᠷᠢᠨᠳᠤᠬᠤᠢ ᠪᠠᠯᠭᠠᠰᠤᠨ ᠤ ᠼᠦᠩ ᠯᠢᠨ ᠯᠠᠩ ᠬᠤᠭᠤᠯᠠᠨ ᠬᠡᠷ ᠲᠤ ᠬᠤᠭᠤᠯᠠ ᠢᠳᠡᠵᠦ᠂ 12 ᠴᠠᠭ 18 ᠮᠢᠨᠦ᠋ᠲ ᠤᠨ ᠦᠶ᠎ᠡ ᠪᠠᠷ ᠨᠤᠲᠤᠭ ᠤᠨ ᠬᠥᠮᠦᠰ ᠤᠨ ᠲᠡᠮᠦᠷᠯᠢᠭ ᠬᠥᠳᠡᠯᠮᠦᠷᠢ ᠬᠠᠮᠠᠭᠠᠯᠠᠯᠲᠠ ᠪᠠᠭᠤᠳᠠᠯ ᠤᠨ ᠬᠡᠷᠡᠭᠰᠡᠯ ᠤᠨ ᠪᠥᠭᠡᠮ ᠬᠤᠳᠠᠯᠳᠤᠭ᠎ᠠ ᠠᠴᠠ ᠪᠠᠷᠠᠭ᠎ᠠ ᠬᠤᠳᠠᠯᠳᠤᠨ ᠠᠪᠴᠤ᠂ ᠳᠠᠷᠠᠭ᠎ᠠ ᠨᠢ ᠦᠪᠡᠷ ᠤᠨ ᠲᠡᠷᠬᠡ ᠪᠠᠷ ᠠᠷᠤ ᠸᠧᠨ ᠵᠢᠶᠠ ᠯᠢᠶᠠᠩ ᠨᠡᠭᠦᠷᠡᠰᠦᠨ ᠠᠭᠤᠷᠬᠠᠶ ᠳᠤ ᠬᠦᠷᠴᠦ ᠠᠵᠢᠯᠯᠠᠪᠠ᠃      ᠳᠡᠭᠡᠷᠡᠬᠢ ᠠᠶᠠᠯᠠᠯ ᠤᠨ ᠵᠠᠮ ᠮᠥᠷ ᠲᠠᠢ ᠳᠠᠪᠬᠤᠴᠠᠭᠰᠠᠨ ᠬᠥᠮᠦᠰ ᠰᠠᠨᠠᠭᠠᠴᠢᠯᠠᠭ᠎ᠠ ᠠᠴᠠ ᠪᠠᠨ ᠰᠠᠭᠤᠭᠠᠯᠢ ᠨᠡᠶᠢᠭᠡᠮ ᠲᠣᠭᠤᠷᠢᠭ ᠲᠤ ᠮᠡᠳᠡᠭᠦᠯᠬᠦ ᠶᠢᠨ ᠬᠠᠮᠲᠤ ᠬᠠᠮᠢᠶ᠎ᠠ ᠪᠥᠬᠦᠶ ᠬᠠᠮᠢᠶᠠᠷᠤᠨ ᠡᠵᠡᠮᠳᠡᠬᠦ ᠠᠷᠭ᠎ᠠ ᠬᠡᠮᠵᠢᠶ᠎ᠡ ᠶᠢ ᠬᠠᠮᠵᠢᠯᠴᠠᠨ ᠨᠠᠶᠢᠳᠠᠪᠤᠷᠢᠵᠢᠭᠤᠯᠤᠭᠠᠷᠠᠶ᠃        ᠡᠵᠡᠨ ᠬᠤᠷᠤᠭ᠎ᠠ ᠬᠤᠰᠢᠭᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠠᠴᠠ ᠥᠷᠭᠡᠨ ᠣᠯᠠᠨ ᠰᠠᠭᠤᠭᠠᠯᠢ ᠠᠷᠠᠳ ᠲᠤ ᠠᠶᠤᠵᠤ ᠰᠠᠨᠳᠤᠷᠬᠤ ᠬᠡᠷᠡᠭ ᠥᠬᠡᠶ᠂ ᠴᠤᠤᠷᠬᠠᠯ ᠢ ᠢᠲᠡᠭᠡᠬᠦ ᠥᠬᠡᠶ᠂ ᠴᠤᠤᠷᠬᠠᠯ ᠲᠠᠷᠬᠠᠭᠠᠬᠤ ᠥᠬᠡᠶ ᠪᠠᠶᠢᠵᠤ᠂ ᠰᠠᠨᠠᠭᠠᠴᠢᠯᠠᠭ᠎ᠠ ᠠᠴᠠ ᠪᠠᠨ ᠬᠤᠪᠢ ᠬᠥᠮᠦᠨ ᠤ ᠬᠠᠮᠠᠭᠠᠯᠠᠯᠲᠠ ᠶᠢ ᠰᠠᠶᠢᠲᠤᠷ ᠬᠢᠵᠦ᠂ ᠠᠮᠤᠷ ᠲᠦᠪᠰᠢᠨ ᠨᠡᠶᠢᠭᠡᠮ ᠤᠨ ᠬᠠᠷᠢᠯᠴᠠᠭᠠᠨ ᠤ ᠵᠠᠶ ᠶᠢ ᠪᠠᠲᠤᠯᠠᠵᠤ᠂ ᠴᠥᠭᠡᠨ ᠴᠤᠭᠯᠠᠷᠠᠵᠤ᠂ ᠡᠷᠡᠭᠦᠯ ᠴᠢᠭᠢᠷᠠᠭ ᠠᠮᠢᠳᠤᠷᠠᠯ ᠤᠨ ᠠᠷᠭ᠎ᠠ ᠮᠠᠶ᠋ᠢᠭ ᠢ ᠰᠠᠨᠠᠭᠠᠴᠢᠯᠠᠨ᠎ᠠ︔ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠸᠠᠺᠼᠢᠨ ᠢ ᠰᠠᠨᠠᠭᠠᠴᠢᠯᠠᠭ᠎ᠠ ᠠᠴᠠ ᠪᠠᠨ ᠲᠠᠷᠢᠨ᠎ᠠ᠃ ᠬᠡᠷᠪᠡ ᠬᠠᠯᠠᠭᠤᠷᠠᠬᠤ᠂ ᠬᠠᠨᠢᠶᠠᠬᠤ ᠵᠡᠷᠭᠡ ᠡᠪᠡᠳᠴᠢᠨ ᠤ ᠪᠠᠶᠢᠳᠠᠯ ᠢᠯᠡᠷᠡᠪᠡᠯ᠂ ᠳᠠᠷᠦ᠋ᠢᠬᠠᠨ ᠣᠶᠢᠷ᠎ᠠ ᠬᠠᠪᠢ ᠶᠢᠨ ᠬᠠᠯᠠᠭᠤᠷᠠᠯ ᠤᠨ ᠡᠭᠦᠳᠡᠨ ᠡᠮᠨᠡᠯᠭᠡ ᠳᠤ ᠬᠦᠷᠴᠦ ᠡᠮᠨᠡᠭᠦᠯᠬᠦ ᠶᠢᠨ ᠬᠠᠮᠲᠤ ᠰᠠᠨᠠᠭᠠᠴᠢᠯᠠᠭ᠎ᠠ ᠠᠴᠠ ᠪᠠᠨ 7 ᠡᠳᠦᠷ ᠤᠨ ᠬᠥᠳᠡᠯᠭᠡᠭᠡᠨ ᠤ ᠵᠠᠮ ᠮᠥᠷ ᠵᠢᠴᠢ ᠣᠶᠢᠷᠠᠲᠤᠭᠰᠠᠨ ᠥᠩᠭᠡᠷᠡᠯᠲᠡ ᠪᠠᠨ ᠮᠡᠳᠡᠭᠳᠡᠬᠦ ᠬᠡᠷᠡᠭᠲᠡᠶ᠃ ᠡᠮᠨᠡᠭᠦᠯᠬᠦ ᠪᠥᠬᠦ ᠶᠠᠪᠤᠴᠠ ᠳᠤ ᠠᠮᠠᠪᠴᠢ ᠵᠡᠭᠦᠵᠦ᠂ ᠣᠯᠠᠨ ᠨᠡᠶᠢᠲᠡ ᠶᠢᠨ ᠵᠠᠮ ᠬᠠᠷᠢᠯᠴᠠᠭᠠᠨ ᠤ ᠪᠠᠭᠠᠵᠢ ᠳᠤ ᠰᠠᠭᠤᠬᠤ ᠠᠴᠠ ᠠᠯᠢ ᠴᠢᠳᠠᠬᠤ ᠪᠠᠷ ᠵᠠᠶᠢᠯᠠᠰᠬᠢᠨ᠎ᠡ᠃      ᠳᠠᠭᠠᠯᠳᠤᠭᠤᠯᠤᠯ᠄ ᠬᠤᠰᠢᠭᠤ᠂ ᠪᠠᠯᠭᠠᠰᠤ ᠬᠤᠶᠠᠷ ᠱᠠᠲᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠤᠨ ᠬᠠᠷᠢᠯᠴᠠᠬᠤ ᠤᠲᠠᠰᠤ      ᠠᠯᠳᠠᠨᠰᠢᠷᠡᠭᠡ ᠪᠠᠯᠭᠠᠰᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ᠄ 0477 ᠊᠊᠊᠊ 8969144        ᠤᠯᠠᠭᠠᠨᠮᠦ᠋ᠷᠡᠨ ᠪᠠᠯᠭᠠᠰᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ᠄ 0477 ᠊᠊᠊᠊ 8930203      ᠡᠵᠡᠨ ᠬᠤᠷᠤᠭ᠎ᠠ ᠪᠠᠯᠭᠠᠰᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ᠄ 0477 ᠊᠊᠊᠊ 8961032      ᠵᠠᠰᠠᠭ ᠪᠠᠯᠭᠠᠰᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ᠄ 0477 ᠊᠊᠊᠊ 8951014      ᠨᠠᠷᠢᠨᠲᠣᠬᠤᠶ ᠪᠠᠯᠭᠠᠰᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ᠄ 0477 ᠊᠊᠊᠊ 8871099      ᠬᠤᠨᠢᠴᠢᠨ ᠭᠤᠤᠯ ᠪᠠᠯᠭᠠᠰᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ᠄ 0477 ᠊᠊᠊᠊8821337       ᠰᠤᠪᠤᠷᠭ᠎ᠠ ᠪᠠᠯᠭᠠᠰᠤᠨ ᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ᠄ 0477 ᠊᠊᠊᠊ 8831005      ᠡᠵᠡᠨ ᠬᠤᠷᠤᠭ᠎ᠠ ᠬᠤᠰᠢᠭᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ᠄ 0477 ᠊᠊᠊᠊ 8691824      ᠡᠵᠡᠨ ᠬᠤᠷᠤᠭ᠎ᠠ ᠬᠤᠰᠢᠭᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠤᠨ ᠡᠮᠴᠢᠯᠡᠭᠡᠨ ᠤ ᠰᠡᠷᠭᠡᠶᠢᠯᠡᠨ ᠡᠵᠡᠮᠳᠡᠬᠦ ᠳᠤᠭᠤᠶᠢᠯᠠᠩ᠄ 0477 ᠊᠊᠊᠊ 8681617      ᠡᠵᠡᠨ ᠬᠤᠷᠤᠭ᠎ᠠ ᠬᠤᠰᠢᠭᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ ᠤᠨ ᠨᠡᠶᠢᠭᠡᠮ ᠤᠨ ᠬᠠᠮᠢᠶᠠᠷᠤᠨ ᠡᠵᠡᠮᠳᠡᠬᠦ ᠳᠤᠭᠤᠶᠢᠯᠠᠩ᠄ 0477 ᠊᠊᠊᠊ 8687110      ᠡᠵᠡᠨ ᠬᠤᠷᠤᠭ᠎ᠠ ᠬᠤᠰᠢᠭᠤᠨ ᠤ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠲᠥᠪ᠄ 0477 ᠊᠊᠊᠊ 8684296                ᠡᠵᠡᠨ ᠬᠤᠷᠤᠭ᠎ᠠ ᠬᠤᠰᠢᠭᠤᠨ ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ                 ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠵᠢᠯᠣᠭᠤᠳᠬᠤ ᠭᠠᠵᠠᠷ                            2022 ᠣᠨ ᠤ 9 ᠳ᠋ᠣᠭᠡᠷ ᠰᠠᠷ᠎ᠠ ᠶᠢᠨ 2᠎ ᠤᠨ ᠡᠳᠦᠷ
ᠢᠷᠡᠯᠲᠡ᠄ ᠲᠤᠰ ᠰᠦᠯᠵᠢᠶ᠎ᠡ