| ᠠᠳᠤᠭᠤᠨ ᠤ ᠬᠠᠯᠳᠠᠪᠤᠷᠢᠲᠤ ᠬᠢᠮᠤᠷᠠᠭ᠎ᠠ ᠪᠣᠯ ᠸᠢᠷᠦ᠋ᠰ ᠠᠴᠠ ᠪᠣᠯᠤᠭᠰᠠᠨ ᠲᠦᠷᠭᠡᠨ ᠴᠢᠨᠠᠷ ᠲᠠᠢ ᠪᠦᠭᠡᠳ ᠬᠠᠯᠠᠭᠤᠨ ᠴᠢᠨᠠᠷ ᠲᠠᠢ ᠠᠮᠢᠰᠬᠤᠯ ᠤᠨ | ᠰᠦᠪᠡ ᠶᠢᠨ ᠬᠠᠯᠳᠠᠪᠤᠷᠢᠲᠤ ᠡᠪᠡᠳᠴᠢᠨ ᠶᠣᠮ᠃ ᠡᠮᠴᠢᠯᠡᠭᠡᠨ ᠳᠠᠬᠢ ᠭᠤᠣᠯ ᠪᠣᠯᠬᠤ ᠣᠨᠴᠠᠯᠢᠭ ᠪᠣᠯ ᠬᠠᠯᠠᠭᠤᠷᠠᠬᠤ᠂ ᠬᠠᠨᠢᠶᠠᠬᠤ ᠪᠠ ᠨᠢᠳᠦ᠂ ᠬᠠᠮᠠᠷ ᠲᠤ | ᠰᠠᠯᠢᠰᠤᠯᠢᠭ ᠴᠢᠨᠠᠷ ᠲᠠᠢ ᠦᠷᠪᠢᠰᠦᠯ ᠡᠭᠦᠰᠳᠡᠭ᠃ ᠵᠠᠷᠢᠮ ᠤᠨ ᠬᠢᠨᠢ ᠰᠠᠮᠰᠢᠭᠤ ᠶᠢᠨ ᠰᠦᠪᠡ ᠳᠤ ᠪᠠᠰᠠ ᠬᠦᠨᠳᠦ ᠰᠦᠷᠡᠬᠡᠢ ᠦᠷᠪᠢᠰᠦᠯ ᠡᠭᠦᠰᠳᠡᠭ ᠪᠠᠶᠢᠨ᠎ᠠ᠃ | ᠡᠪᠡᠳᠴᠢᠨ ᠤ ᠡᠭᠦᠰᠪᠦᠷᠢ ᠨᠢ ᠬᠠᠯᠳᠠᠪᠤᠷᠢᠲᠤ ᠬᠢᠮᠤᠷᠠᠭ᠎ᠠ ᠶᠢᠨ ᠸᠢᠷᠦ᠋ᠰ ᠪᠣᠯᠤᠨ᠎ᠠ᠃ ᠠᠳᠤᠭᠤᠨ ᠤ ᠬᠠᠯᠳᠠᠪᠤᠷᠢᠲᠤ ᠬᠢᠮᠤᠷᠠᠭ᠎ᠠ ᠶᠢᠨ ᠸᠢᠷᠦ᠋ᠰ ᠢᠯᠴᠢ ᠪᠠ | ᠠᠷᠢᠭᠤᠳᠬᠠᠬᠤ ᠡᠮ ᠳᠤ ᠲᠡᠰᠪᠦᠷᠢᠯᠡᠬᠦ ᠴᠢᠳᠠᠯ ᠢᠶᠠᠷ ᠠᠨᠠᠢ᠂ ᠳᠤᠯᠠᠭᠠᠨ ᠤ ᠬᠡᠮᠵᠢᠶ᠎ᠡ ᠶᠢ 56 ᠭᠷᠠᠳᠦ᠋ᠰ ᠬᠦᠷᠭᠡᠪᠡᠯ ᠬᠡᠳᠦᠨ ᠮᠢᠨᠦ᠋ᠲ ᠤᠨ ᠳᠣᠲᠤᠷ᠎ᠠ ᠬᠠᠯᠳᠠᠪᠤᠷᠢᠯᠠᠬᠤ | ᠬᠦᠴᠦᠨ ᠢᠶᠠᠨ ᠠᠯᠳᠠᠳᠠᠭ᠂ ᠡᠭᠦᠨ ᠢ ᠪᠠᠶᠢᠩᠭᠤ ᠬᠡᠷᠡᠭᠯᠡᠳᠡᠭ ᠠᠶᠢᠭᠤᠳᠬᠠᠬᠤ ᠡᠮ ᠢᠶᠠᠷ ᠮᠠᠰᠢ ᠲᠦᠷᠭᠡᠨ ᠠᠯᠠᠵᠤ ᠪᠣᠯᠬᠤ ᠶᠤᠮ᠃ ᠸᠢᠷᠦ᠋ᠰ ᠪᠣᠯ ᠬᠡᠮᠨᠡᠭᠰᠡᠨ | ᠮᠣᠷᠢᠨ ᠤ ᠴᠢᠰᠤ ᠰᠢᠭᠦᠷᠡᠳᠡᠰᠦ᠂ ᠢᠯᠭᠠᠳᠠᠰᠤ ᠬᠢᠭᠡᠳ ᠠᠵᠢᠷᠭᠠᠨ ᠤ ᠦᠷ᠎ᠡ ᠳᠤ ᠣᠷᠤᠰᠢᠳᠠᠭ ᠶᠤᠮ᠃ ᠴᠢᠰᠤ ᠪᠣᠶᠤ ᠨᠡᠬᠡᠳᠡᠰᠦ ᠶᠢᠨ ᠰᠢᠩᠭᠡᠨ ᠤ ᠰᠢᠭᠦᠷᠡᠳᠡᠰᠦ ᠶᠢ | ᠮᠣᠷᠢᠨ ᠤ ᠠᠷᠠᠰᠤᠨ ᠳᠣᠲᠤᠷ᠎ᠠ ᠲᠠᠷᠢᠪᠠᠯ ᠡᠪᠡᠳᠴᠢᠯᠡᠳᠡᠭ᠃ | | |