ᠠᠳᠤᠭᠤᠨ ᠤ ᠬᠠᠯᠳᠠᠪᠤᠷᠢᠲᠤ ᠬᠢᠮᠤᠷᠠᠭ᠎ᠠ ᠬᠡᠷᠬᠢᠨ ᠡᠭᠦᠰᠬᠦ ᠲᠣᠬᠠᠢ
ᠨᠡᠶᠢᠲᠡᠯᠡᠭᠰᠡᠨ ᠴᠠᠭ᠄
2022/8/30
     ᠠᠳᠤᠭᠤᠨ ᠤ ᠬᠠᠯᠳᠠᠪᠤᠷᠢᠲᠤ ᠬᠢᠮᠤᠷᠠᠭ᠎ᠠ ᠪᠣᠯ ᠸᠢᠷᠦ᠋ᠰ ᠠᠴᠠ ᠪᠣᠯᠤᠭᠰᠠᠨ ᠲᠦᠷᠭᠡᠨ ᠴᠢᠨᠠᠷ ᠲᠠᠢ ᠪᠦᠭᠡᠳ ᠬᠠᠯᠠᠭᠤᠨ ᠴᠢᠨᠠᠷ ᠲᠠᠢ ᠠᠮᠢᠰᠬᠤᠯ ᠤᠨ ᠰᠦᠪᠡ ᠶᠢᠨ ᠬᠠᠯᠳᠠᠪᠤᠷᠢᠲᠤ ᠡᠪᠡᠳᠴᠢᠨ ᠶᠣᠮ᠃ ᠡᠮᠴᠢᠯᠡᠭᠡᠨ ᠳᠠᠬᠢ ᠭᠤᠣᠯ ᠪᠣᠯᠬᠤ ᠣᠨᠴᠠᠯᠢᠭ ᠪᠣᠯ ᠬᠠᠯᠠᠭᠤᠷᠠᠬᠤ᠂ ᠬᠠᠨᠢᠶᠠᠬᠤ ᠪᠠ ᠨᠢᠳᠦ᠂ ᠬᠠᠮᠠᠷ ᠲᠤ ᠰᠠᠯᠢᠰᠤᠯᠢᠭ ᠴᠢᠨᠠᠷ ᠲᠠᠢ ᠦᠷᠪᠢᠰᠦᠯ ᠡᠭᠦᠰᠳᠡᠭ᠃ ᠵᠠᠷᠢᠮ ᠤᠨ ᠬᠢᠨᠢ ᠰᠠᠮᠰᠢᠭᠤ ᠶᠢᠨ ᠰᠦᠪᠡ ᠳᠤ ᠪᠠᠰᠠ ᠬᠦᠨᠳᠦ ᠰᠦᠷᠡᠬᠡᠢ ᠦᠷᠪᠢᠰᠦᠯ ᠡᠭᠦᠰᠳᠡᠭ ᠪᠠᠶᠢᠨ᠎ᠠ᠃ ᠡᠪᠡᠳᠴᠢᠨ ᠤ ᠡᠭᠦᠰᠪᠦᠷᠢ ᠨᠢ ᠬᠠᠯᠳᠠᠪᠤᠷᠢᠲᠤ ᠬᠢᠮᠤᠷᠠᠭ᠎ᠠ ᠶᠢᠨ ᠸᠢᠷᠦ᠋ᠰ ᠪᠣᠯᠤᠨ᠎ᠠ᠃ ᠠᠳᠤᠭᠤᠨ ᠤ ᠬᠠᠯᠳᠠᠪᠤᠷᠢᠲᠤ ᠬᠢᠮᠤᠷᠠᠭ᠎ᠠ ᠶᠢᠨ ᠸᠢᠷᠦ᠋ᠰ ᠢᠯᠴᠢ ᠪᠠ ᠠᠷᠢᠭᠤᠳᠬᠠᠬᠤ ᠡᠮ ᠳᠤ ᠲᠡᠰᠪᠦᠷᠢᠯᠡᠬᠦ ᠴᠢᠳᠠᠯ ᠢᠶᠠᠷ ᠠᠨᠠᠢ᠂ ᠳᠤᠯᠠᠭᠠᠨ ᠤ ᠬᠡᠮᠵᠢᠶ᠎ᠡ ᠶᠢ 56 ᠭᠷᠠᠳᠦ᠋ᠰ ᠬᠦᠷᠭᠡᠪᠡᠯ ᠬᠡᠳᠦᠨ ᠮᠢᠨᠦ᠋ᠲ ᠤᠨ ᠳᠣᠲᠤᠷ᠎ᠠ ᠬᠠᠯᠳᠠᠪᠤᠷᠢᠯᠠᠬᠤ ᠬᠦᠴᠦᠨ ᠢᠶᠠᠨ ᠠᠯᠳᠠᠳᠠᠭ᠂ ᠡᠭᠦᠨ ᠢ ᠪᠠᠶᠢᠩᠭᠤ ᠬᠡᠷᠡᠭᠯᠡᠳᠡᠭ ᠠᠶᠢᠭᠤᠳᠬᠠᠬᠤ ᠡᠮ ᠢᠶᠠᠷ ᠮᠠᠰᠢ ᠲᠦᠷᠭᠡᠨ ᠠᠯᠠᠵᠤ ᠪᠣᠯᠬᠤ ᠶᠤᠮ᠃ ᠸᠢᠷᠦ᠋ᠰ ᠪᠣᠯ ᠬᠡᠮᠨᠡᠭᠰᠡᠨ ᠮᠣᠷᠢᠨ ᠤ ᠴᠢᠰᠤ ᠰᠢᠭᠦᠷᠡᠳᠡᠰᠦ᠂ ᠢᠯᠭᠠᠳᠠᠰᠤ ᠬᠢᠭᠡᠳ ᠠᠵᠢᠷᠭᠠᠨ ᠤ ᠦᠷ᠎ᠡ ᠳᠤ ᠣᠷᠤᠰᠢᠳᠠᠭ ᠶᠤᠮ᠃ ᠴᠢᠰᠤ ᠪᠣᠶᠤ ᠨᠡᠬᠡᠳᠡᠰᠦ ᠶᠢᠨ ᠰᠢᠩᠭᠡᠨ ᠤ ᠰᠢᠭᠦᠷᠡᠳᠡᠰᠦ ᠶᠢ ᠮᠣᠷᠢᠨ ᠤ ᠠᠷᠠᠰᠤᠨ ᠳᠣᠲᠤᠷ᠎ᠠ ᠲᠠᠷᠢᠪᠠᠯ ᠡᠪᠡᠳᠴᠢᠯᠡᠳᠡᠭ᠃
ᠢᠷᠡᠯᠲᠡ᠄ ᠤᠷᠳᠤᠰ ᠬᠤᠳᠠ ᠶᠢᠨ ᠠᠷᠠᠳ ᠤᠨ ᠵᠠᠰᠠᠭ ᠤᠨ ᠤᠷᠳᠤᠨ