ᠪᠣᠭ ᠮᠠᠯ ᠬᠤᠣᠷᠲᠤ ᠡᠪᠡᠰᠦᠨ ᠳᠤ ᠬᠤᠣᠷᠳᠠᠪᠠᠯ ᠶᠠᠭᠠᠬᠢᠬᠤ ᠪᠤᠢ
ᠨᠡᠶᠢᠲᠡᠯᠡᠭᠰᠡᠨ ᠴᠠᠭ᠄
2022/8/30
     ᠬᠤᠨᠢ ᠢᠮᠠᠭ᠎ᠠ ᠭᠤᠣᠯ ᠤᠨ ᠬᠤᠣᠷ᠂ ᠭᠤᠯᠭᠤᠢ ᠬᠤᠸᠠᠷ᠂ ᠳᠠᠯᠠᠨ ᠲᠦᠷᠦᠭᠦᠦ ᠵᠡᠷᠭᠡ ᠬᠤᠣᠷᠲᠠᠢ ᠡᠪᠡᠰᠦ ᠠᠳᠡᠭᠦᠷᠡᠵᠦ ᠢᠳᠡᠭᠡᠳ ᠠᠮᠠᠷᠬᠠᠨ ᠬᠤᠣᠷᠳᠠᠳᠠᠭ᠃ ᠬᠤᠣᠷᠳᠠᠭᠰᠠᠨ ᠤ ᠳᠠᠷᠠᠭ᠎ᠠ ᠲᠣᠯᠣᠭᠠᠢ ᠤᠨᠵᠢᠢᠯᠭᠠᠬᠤ᠂ ᠰᠢᠳᠦ ᠬᠠᠪᠢᠷᠠᠬᠤ᠂ ᠲᠣᠯᠣᠭᠠᠢ ᠳᠠᠮᠠᠷᠤᠳᠠᠵᠤ ᠡᠷᠭᠢᠯᠳᠦᠬᠦ᠂ ᠠᠮᠠᠨ ᠠᠴᠠ ᠨᠢ ᠴᠢᠰᠤ ᠲᠠᠢ ᠬᠦᠭᠡᠰᠦ ᠴᠤᠪᠤᠷᠠᠬᠤ᠂ ᠰᠠᠯᠢᠰᠤᠲᠤ ᠪᠦᠷᠬᠦᠪᠴᠢ ᠨᠢ ᠴᠢᠰᠤ ᠬᠠᠷᠪᠤᠬᠤ᠂ ᠠᠮᠢᠰᠬᠤᠯ ᠨᠢ ᠲᠦᠷᠭᠡᠰᠬᠦ᠂ ᠴᠡᠴᠡᠭᠡᠢ ᠪᠣᠯᠣᠨ ᠪᠣᠯᠴᠢᠩ ᠮᠢᠬ᠎ᠠ ᠨᠢ ᠮᠢᠨᠴᠦᠷᠡᠵᠦ ᠵᠣᠭᠰᠣᠵᠤ ᠴᠢᠳᠠᠬᠤ ᠦᠭᠡᠢ ᠵᠡᠷᠭᠡ ᠰᠢᠨᠵᠢ ᠲᠡᠮᠳᠡᠭ ᠢᠯᠡᠷᠡᠬᠦ ᠪᠤᠶᠤ ᠬᠡᠪᠲᠡᠭᠡ ᠪᠠᠷ ᠢᠶᠠᠨ ᠦᠬᠦᠳᠡᠭ᠃ ᠵᠠᠰᠠᠬᠤ ᠠᠷᠭ᠎ᠠ᠄ ① ᠬᠥᠩᠭᠡᠨ ᠬᠤᠣᠷᠳᠠᠭᠰᠠᠨ ᠳᠤᠨᠢ ᠳᠠᠪᠤᠰᠤᠲᠠᠢ ᠤᠰᠤ ᠤᠤᠭᠤᠯᠭᠠᠬᠤ ᠪᠤᠶᠤ ᠨᠣᠭᠤᠭᠠᠨ ᠪᠤᠷᠴᠠᠭ ᠤᠨ ᠰᠥᠮᠥᠰᠤ ᠴᠢᠳᠬᠤᠵᠤ ᠥᠭᠭᠦᠨ᠎ᠡ᠃ ᠲᠡᠷᠡᠴᠢᠯᠡᠨ ᠥᠨᠳᠡᠭᠡᠨ ᠴᠠᠭᠠᠨ ᠪᠤᠶᠤ ᠰᠢᠬᠢᠷ ᠡᠪᠡᠰᠦᠨ ᠤ ᠰᠢᠭᠦᠰᠦ ᠶᠢ ᠥᠭᠪᠡᠯ ᠮᠥᠨ ᠬᠤᠣᠷ ᠲᠠᠶᠢᠯᠵᠣ ᠪᠣᠯᠣᠨ᠎ᠠ᠃ ②0.1%᠎ ᠶᠢᠨ ᠳᠡᠭᠡᠳᠦ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ᠢᠶᠠᠷ ᠬᠤᠳᠣᠭᠤᠳᠤ ᠶᠢ ᠨᠢ ᠤᠬᠢᠶᠠᠨ᠎ᠠ᠃ ③ ᠬᠦᠨᠳᠦ ᠬᠤᠣᠷᠳᠠᠭᠰᠠᠨ ᠪᠣᠯ 5ml 10%᠎ ᠶᠢᠨ ᠦᠵᠦᠮ ᠤᠨ ᠰᠢᠬᠢᠷ ᠤᠨ ᠬᠦᠴᠢᠯ ᠤᠨ ᠺᠠᠯᠢ ᠶᠢ ᠨᠠᠮᠵᠢᠭᠤᠨ ᠰᠤᠳᠠᠯ ᠳᠤᠨᠢ ᠲᠠᠷᠢᠨ᠎ᠠ᠃      ︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠣᠮ ᠠᠴᠠ ᠰᠣᠩᠭᠤᠨ ᠰᠡᠶᠢᠷᠡᠭᠦᠯᠪᠡ᠃︶
ᠢᠷᠡᠯᠲᠡ᠄ ᠤᠷᠳᠤᠰ ᠬᠤᠳᠠ ᠶᠢᠨ ᠠᠷᠠᠳ ᠤᠨ ᠵᠠᠰᠠᠭ ᠤᠨ ᠤᠷᠳᠤᠨ