ᠦᠬᠡᠷ ᠤᠨ ᠴᠢᠰᠤᠨ ᠴᠢᠴᠠᠭ᠎ᠠ ᠶᠢ ᠬᠡᠷᠬᠢᠨ ᠵᠠᠰᠠᠬᠤ ᠪᠤᠢ
ᠨᠡᠶᠢᠲᠡᠯᠡᠭᠰᠡᠨ ᠴᠠᠭ᠄
2022/8/30
     ᠭᠠᠰᠢᠭᠤᠨ ᠨᠣᠭᠤᠭ᠎ᠠ ᠪᠣᠯ ᠬᠠᠪᠤᠷ ᠤᠨ ᠤᠯᠠᠷᠢᠯ ᠳᠤ ᠬᠠᠮᠤᠭ ᠤᠷᠭᠤᠮᠠᠯ ᠠᠴᠠ ᠡᠷᠲᠡ ᠬᠦᠪᠦᠷᠡᠨ ᠨᠠᠬᠢᠶᠠᠯᠠᠳᠠᠭ ᠨᠢᠭᠡ ᠵᠦᠢᠯ ᠤᠨ ᠬᠡᠭᠡᠷ᠎ᠡ ᠶᠢᠨ ᠨᠣᠭᠤᠭ᠎ᠠ ᠶᠤᠮ᠃ ᠲᠡᠭᠦᠨ ᠢᠶᠠᠷ ᠦᠬᠡᠷ ᠤᠨ ᠴᠢᠰᠤᠨ ᠴᠢᠴᠠᠭ᠎ᠠ ᠶᠢ ᠵᠠᠰᠠᠵᠤ ᠪᠤᠯᠳᠠᠭ᠃ ᠲᠤᠬᠠᠶᠢᠯᠠᠪᠠᠯ ᠲᠡᠭᠦᠵᠦ ᠠᠪᠴᠢᠷᠠᠭᠰᠠᠨ ᠭᠠᠰᠢᠭᠤᠨ ᠨᠣᠭᠤᠭ᠎ᠠ ᠪᠠᠨ ᠤᠬᠢᠶᠠᠵᠤ ᠤᠰᠤ ᠶᠢ ᠨᠢ ᠰᠢᠭᠦᠷᠡᠭᠦᠯᠦᠭᠰᠡᠨ ᠤ ᠰᠡᠭᠦᠯᠡᠷ ᠡᠪᠡᠳᠴᠢᠲᠡᠢ ᠦᠬᠡᠷ ᠲᠤ ᠤᠳᠠᠭ᠎ᠠ ᠪᠦᠷᠢ 1kg᠎ ᠤᠨ ᠬᠡᠮᠵᠢᠶ᠎ᠡ ᠪᠠᠷ ᠡᠳᠦᠷ ᠲᠤ ᠬᠤᠶᠠᠷ ᠭᠤᠷᠪᠠ ᠤᠳᠠᠭ᠎ᠠ ᠢᠳᠡᠭᠦᠯᠦᠨ᠎ᠡ᠃ ᠡᠨᠡ ᠮᠡᠲᠦ ᠪᠠᠷ ᠦᠷᠭᠦᠯᠵᠢᠯᠡᠨ ᠬᠡᠳᠦᠨ ᠡᠳᠦᠷ ᠢᠳᠡᠭᠦᠯᠪᠡᠯ ᠴᠢᠰᠤᠨ ᠴᠢᠴᠠᠭ᠎ᠠ ᠨᠢ ᠵᠣᠭᠰᠣᠴᠢᠬᠠᠨ᠎ᠠ᠃
ᠢᠷᠡᠯᠲᠡ᠄ ᠤᠷᠳᠤᠰ ᠬᠤᠳᠠ ᠶᠢᠨ ᠠᠷᠠᠳ ᠤᠨ ᠵᠠᠰᠠᠭ ᠤᠨ ᠤᠷᠳᠤᠨ