| ᠠᠳᠤᠭᠤᠨ ᠤ ᠬᠠᠯᠳᠠᠪᠤᠷᠢᠲᠤ ᠬᠢᠮᠤᠷᠠᠭ᠎ᠠ ᠪᠣᠯ ᠸᠢᠷᠦ᠋ᠰ ᠠᠴᠠ ᠪᠣᠯᠤᠭᠰᠠᠨ ᠲᠦᠷᠭᠡᠨ ᠴᠢᠨᠠᠷ ᠲᠠᠢ ᠪᠦᠭᠡᠳ | ᠬᠠᠯᠠᠭᠤᠨ ᠴᠢᠨᠠᠷ ᠲᠠᠢ ᠠᠮᠢᠰᠬᠤᠯ ᠤᠨ ᠰᠦᠪᠡ ᠶᠢᠨ ᠬᠠᠯᠳᠠᠪᠤᠷᠢᠲᠤ ᠡᠪᠡᠳᠴᠢᠨ ᠶᠣᠮ᠃ ᠡᠮᠴᠢᠯᠡᠭᠡᠨ ᠳᠠᠬᠢ ᠭᠤᠣᠯ | ᠪᠣᠯᠬᠤ ᠣᠨᠴᠠᠯᠢᠭ ᠪᠣᠯ ᠬᠠᠯᠠᠭᠤᠷᠠᠬᠤ᠂ ᠬᠠᠨᠢᠶᠠᠬᠤ ᠪᠠ ᠨᠢᠳᠦ᠂ ᠬᠠᠮᠠᠷ ᠲᠤ ᠰᠠᠯᠢᠰᠤᠯᠢᠭ ᠴᠢᠨᠠᠷ ᠲᠠᠢ ᠦᠷᠪᠢᠰᠦᠯ | ᠡᠭᠦᠰᠳᠡᠭ᠃ ᠵᠠᠷᠢᠮ ᠤᠨ ᠬᠢᠨᠢ ᠰᠠᠮᠰᠢᠭᠤ ᠶᠢᠨ ᠰᠦᠪᠡ ᠳᠤ ᠪᠠᠰᠠ ᠬᠦᠨᠳᠦ ᠰᠦᠷᠡᠬᠡᠢ ᠦᠷᠪᠢᠰᠦᠯ ᠡᠭᠦᠰᠳᠡᠭ | ᠪᠠᠶᠢᠨ᠎ᠠ᠃ ᠡᠪᠡᠳᠴᠢᠨ ᠤ ᠡᠭᠦᠰᠪᠦᠷᠢ ᠨᠢ ᠬᠠᠯᠳᠠᠪᠤᠷᠢᠲᠤ ᠬᠢᠮᠤᠷᠠᠭ᠎ᠠ ᠶᠢᠨ ᠸᠢᠷᠦ᠋ᠰ ᠪᠣᠯᠤᠨ᠎ᠠ᠃ ᠠᠳᠤᠭᠤᠨ ᠤ | ᠬᠠᠯᠳᠠᠪᠤᠷᠢᠲᠤ ᠬᠢᠮᠤᠷᠠᠭ᠎ᠠ ᠶᠢᠨ ᠸᠢᠷᠦ᠋ᠰ ᠢᠯᠴᠢ ᠪᠠ ᠠᠷᠢᠭᠤᠳᠬᠠᠬᠤ ᠡᠮ ᠳᠤ ᠲᠡᠰᠪᠦᠷᠢᠯᠡᠬᠦ ᠴᠢᠳᠠᠯ ᠢᠶᠠᠷ ᠠᠨᠠᠢ᠂ | ᠳᠤᠯᠠᠭᠠᠨ ᠤ ᠬᠡᠮᠵᠢᠶ᠎ᠡ ᠶᠢ 56 ᠭᠷᠠᠳᠦ᠋ᠰ ᠬᠦᠷᠭᠡᠪᠡᠯ ᠬᠡᠳᠦᠨ ᠮᠢᠨᠦ᠋ᠲ ᠤᠨ ᠳᠣᠲᠤᠷ᠎ᠠ ᠬᠠᠯᠳᠠᠪᠤᠷᠢᠯᠠᠬᠤ | ᠬᠦᠴᠦᠨ ᠢᠶᠠᠨ ᠠᠯᠳᠠᠳᠠᠭ᠂ ᠡᠭᠦᠨ ᠢ ᠪᠠᠶᠢᠩᠭᠤ ᠬᠡᠷᠡᠭᠯᠡᠳᠡᠭ ᠠᠶᠢᠭᠤᠳᠬᠠᠬᠤ ᠡᠮ ᠢᠶᠠᠷ ᠮᠠᠰᠢ ᠲᠦᠷᠭᠡᠨ ᠠᠯᠠᠵᠤ | ᠪᠣᠯᠬᠤ ᠶᠤᠮ᠃ ᠸᠢᠷᠦ᠋ᠰ ᠪᠣᠯ ᠬᠡᠮᠨᠡᠭᠰᠡᠨ ᠮᠣᠷᠢᠨ ᠤ ᠴᠢᠰᠤ ᠰᠢᠭᠦᠷᠡᠳᠡᠰᠦ᠂ ᠢᠯᠭᠠᠳᠠᠰᠤ ᠬᠢᠭᠡᠳ ᠠᠵᠢᠷᠭᠠᠨ ᠤ | ᠦᠷ᠎ᠡ ᠳᠤ ᠣᠷᠤᠰᠢᠳᠠᠭ ᠶᠤᠮ᠃ ᠴᠢᠰᠤ ᠪᠣᠶᠤ ᠨᠡᠬᠡᠳᠡᠰᠦ ᠶᠢᠨ ᠰᠢᠩᠭᠡᠨ ᠤ ᠰᠢᠭᠦᠷᠡᠳᠡᠰᠦ ᠶᠢ ᠮᠣᠷᠢᠨ ᠤ ᠠᠷᠠᠰᠤᠨ | ᠳᠣᠲᠤᠷ᠎ᠠ ᠲᠠᠷᠢᠪᠠᠯ ᠡᠪᠡᠳᠴᠢᠯᠡᠳᠡᠭ᠃ | |