| ᠬᠤᠨᠢ ᠢᠮᠠᠭ᠎ᠠ ᠭᠤᠣᠯ ᠤᠨ ᠬᠤᠣᠷ᠂ ᠭᠤᠯᠭᠤᠢ ᠬᠤᠸᠠᠷ᠂ ᠳᠠᠯᠠᠨ ᠲᠦᠷᠦᠭᠦᠦ ᠵᠡᠷᠭᠡ ᠬᠤᠣᠷᠲᠠᠢ ᠡᠪᠡᠰᠦ | ᠠᠳᠡᠭᠦᠷᠡᠵᠦ ᠢᠳᠡᠭᠡᠳ ᠠᠮᠠᠷᠬᠠᠨ ᠬᠤᠣᠷᠳᠠᠳᠠᠭ᠃ ᠬᠤᠣᠷᠳᠠᠭᠰᠠᠨ ᠤ ᠳᠠᠷᠠᠭ᠎ᠠ ᠲᠣᠯᠣᠭᠠᠢ ᠤᠨᠵᠢᠢᠯᠭᠠᠬᠤ᠂ ᠰᠢᠳᠦ | ᠬᠠᠪᠢᠷᠠᠬᠤ᠂ ᠲᠣᠯᠣᠭᠠᠢ ᠳᠠᠮᠠᠷᠤᠳᠠᠵᠤ ᠡᠷᠭᠢᠯᠳᠦᠬᠦ᠂ ᠠᠮᠠᠨ ᠠᠴᠠ ᠨᠢ ᠴᠢᠰᠤ ᠲᠠᠢ ᠬᠦᠭᠡᠰᠦ ᠴᠤᠪᠤᠷᠠᠬᠤ᠂ | ᠰᠠᠯᠢᠰᠤᠲᠤ ᠪᠦᠷᠬᠦᠪᠴᠢ ᠨᠢ ᠴᠢᠰᠤ ᠬᠠᠷᠪᠤᠬᠤ᠂ ᠠᠮᠢᠰᠬᠤᠯ ᠨᠢ ᠲᠦᠷᠭᠡᠰᠬᠦ᠂ ᠴᠡᠴᠡᠭᠡᠢ ᠪᠣᠯᠣᠨ ᠪᠣᠯᠴᠢᠩ ᠮᠢᠬ᠎ᠠ ᠨᠢ | ᠮᠢᠨᠴᠦᠷᠡᠵᠦ ᠵᠣᠭᠰᠣᠵᠤ ᠴᠢᠳᠠᠬᠤ ᠦᠭᠡᠢ ᠵᠡᠷᠭᠡ ᠰᠢᠨᠵᠢ ᠲᠡᠮᠳᠡᠭ ᠢᠯᠡᠷᠡᠬᠦ ᠪᠤᠶᠤ ᠬᠡᠪᠲᠡᠭᠡ ᠪᠠᠷ ᠢᠶᠠᠨ ᠦᠬᠦᠳᠡᠭ᠃ | ᠵᠠᠰᠠᠬᠤ ᠠᠷᠭ᠎ᠠ᠄ ① ᠬᠥᠩᠭᠡᠨ ᠬᠤᠣᠷᠳᠠᠭᠰᠠᠨ ᠳᠤᠨᠢ ᠳᠠᠪᠤᠰᠤᠲᠠᠢ ᠤᠰᠤ ᠤᠤᠭᠤᠯᠭᠠᠬᠤ ᠪᠤᠶᠤ ᠨᠣᠭᠤᠭᠠᠨ | ᠪᠤᠷᠴᠠᠭ ᠤᠨ ᠰᠥᠮᠥᠰᠤ ᠴᠢᠳᠬᠤᠵᠤ ᠥᠭᠭᠦᠨ᠎ᠡ᠃ ᠲᠡᠷᠡᠴᠢᠯᠡᠨ ᠥᠨᠳᠡᠭᠡᠨ ᠴᠠᠭᠠᠨ ᠪᠤᠶᠤ ᠰᠢᠬᠢᠷ ᠡᠪᠡᠰᠦᠨ ᠤ | ᠰᠢᠭᠦᠰᠦ ᠶᠢ ᠥᠭᠪᠡᠯ ᠮᠥᠨ ᠬᠤᠣᠷ ᠲᠠᠶᠢᠯᠵᠣ ᠪᠣᠯᠣᠨ᠎ᠠ᠃ ②0.1% ᠶᠢᠨ ᠳᠡᠭᠡᠳᠦ ᠮᠠᠩᠭᠠᠨ ᠬᠦᠴᠢᠯ ᠤᠨ ᠺᠠᠯᠢ | ᠶᠢᠨ ᠠᠭᠤᠰᠤᠮᠠᠯ ᠢᠶᠠᠷ ᠬᠤᠳᠣᠭᠤᠳᠤ ᠶᠢ ᠨᠢ ᠤᠬᠢᠶᠠᠨ᠎ᠠ᠃ ③ ᠬᠦᠨᠳᠦ ᠬᠤᠣᠷᠳᠠᠭᠰᠠᠨ ᠪᠣᠯ 5ml 10% ᠶᠢᠨ | ᠦᠵᠦᠮ ᠤᠨ ᠰᠢᠬᠢᠷ ᠤᠨ ᠬᠦᠴᠢᠯ ᠤᠨ ᠺᠠᠯᠢ ᠶᠢ ᠨᠠᠮᠵᠢᠭᠤᠨ ᠰᠤᠳᠠᠯ ᠳᠤᠨᠢ ᠲᠠᠷᠢᠨ᠎ᠠ᠃ | ︵ᠢᠷᠡᠯᠲᠡ᠄ ᠰᠠᠨᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ | ᠠᠰᠠᠭᠤᠯᠲᠠ ᠬᠠᠷᠢᠭᠤᠯᠲᠠ︾ ᠭᠡᠬᠦ ᠨᠣᠮ ᠠᠴᠠ ᠰᠣᠩᠭᠤᠨ ᠰᠡᠶᠢᠷᠡᠭᠦᠯᠪᠡ᠃︶ |